ᠳᠠᠮᠠᠬᠢ ᠳᠠᠲᠠᠬᠤ ᠪᠠᠨ ᠵᠣᠭᠰᠤᠪᠠᠯ᠂᠂᠂᠂
ᠨᠡᠶᠢᠲᠡᠯᠡᠭᠰᠡᠨ ᠴᠠᠭ᠄
2018-12-06
     ᠠᠮᠧᠷᠢᠺᠠ ᠤᠯᠤᠰ ᠤᠨ ᠦᠮᠠᠨ ᠡᠪᠡᠳᠴᠢᠨ ᠢ ᠰᠣᠳᠤᠯᠬᠤ ᠭᠠᠵᠠᠷ ᠤᠨ ᠰᠣᠳᠤᠯᠤᠯᠳᠠ ᠶᠢ ᠦᠨᠳᠦᠰᠦᠯᠡᠪᠡᠯ᠂ ᠳᠠᠮᠠᠬᠢ ᠳᠠᠲᠠᠭᠴᠢᠳ ᠬᠡᠷᠪᠡ ᠳᠠᠮᠠᠬᠢ ᠳᠠᠲᠠᠬᠤ ᠪᠠᠨ ᠵᠣᠭᠰᠤᠴᠢᠬᠠᠪᠠᠯ ᠪᠡᠶ᠎ᠡ ᠮᠠᠬᠠᠪᠤᠳ ᠲᠤ ᠨᠢ ᠮᠠᠰᠢ ᠣᠯᠠᠨ ᠠᠰᠢᠭᠲᠠᠢ ᠬᠤᠪᠢᠷᠠᠯᠳᠠ ᠭᠠᠷᠬᠤ ᠪᠣᠯᠤᠨ᠎ᠠ ᠭᠡᠵᠦ ᠨᠣᠲᠠᠯᠠᠵᠠᠢ᠃ ᠳᠤᠬᠠᠶᠢᠯᠠᠪᠠᠯ᠄ ᠬᠡᠷᠪᠡ ᠳᠠᠮᠠᠬᠢ ᠪᠠᠨ ᠵᠣᠭᠰᠤᠴᠢᠬᠠᠪᠠᠯ 8 ᠴᠠᠭ ᠤᠨ ᠳᠣᠲᠤᠷ᠎ᠠ ᠴᠢᠰᠤᠨ ᠳᠠᠬᠢ ᠨᠡᠭᠦᠷᠡᠰᠦᠳᠦ᠋ᠷᠦᠭᠴᠢ ᠶᠢᠨ ᠳᠠᠩ ᠢᠰᠦᠯ ᠤᠨ ᠠᠭᠤᠯᠬᠤᠨ ᠤ ᠬᠡᠮᠵᠢᠶ᠎ᠡ ᠨᠢ ᠶᠡᠭᠡ ᠪᠠᠷ ᠪᠠᠭᠠᠰᠴᠤ᠂ ᠬᠦᠴᠢᠯᠳᠦ᠋ᠷᠦᠭᠴᠢ ᠶᠢᠨ ᠠᠭᠤᠯᠬᠤᠨ ᠤ ᠬᠡᠮᠵᠢᠶ᠎ᠡ ᠨᠢ ᠨᠡᠮᠡᠭᠳᠡᠵᠦ ᠬᠡᠪ ᠤᠨ ᠪᠠᠶᠢᠳᠠᠯ ᠳᠤ ᠪᠠᠨ ᠣᠷᠤᠨ᠎ᠠ᠃ 24 ᠴᠠᠭ ᠤᠨ ᠳᠣᠲᠤᠷ᠎ᠠ ᠵᠢᠷᠦᠬᠡᠨ ᠡᠪᠡᠳᠴᠢᠨ ᠤ ᠬᠦᠳᠡᠯᠬᠦ ᠳᠣᠬᠢᠶᠠᠯᠳᠤᠮᠵᠢ ᠵᠣᠬᠢᠬᠤ ᠬᠡᠮᠵᠢᠶ᠎ᠡ ᠪᠠᠷ ᠪᠠᠭᠠᠰᠤᠨ᠎ᠠ᠃ 48 ᠴᠠᠭ ᠤᠨ ᠳᠣᠲᠤᠷ᠎ᠠ ᠰᠡᠷᠡᠬᠦᠢ ᠮᠡᠳᠡᠷᠡᠯ ᠳᠠᠬᠢᠨ ᠰᠡᠷᠭᠡᠭᠵᠢᠵᠦ᠂ ᠦᠨᠦᠷᠯᠡᠬᠦ ᠰᠡᠷᠡᠯ ᠪᠣᠯᠤᠨ ᠠᠮᠲᠠᠯᠠᠬᠤ ᠰᠡᠷᠡᠯ ᠰᠠᠶᠢᠵᠢᠷᠠᠨ᠎ᠠ᠃ 72 ᠴᠠᠭ ᠤᠨ ᠳᠣᠲᠤᠷ᠎ᠠ ᠪᠣᠯ ᠰᠠᠯᠪᠤᠷᠢ ᠮᠦᠭᠡᠷᠰᠦᠨ ᠬᠤᠭᠤᠯᠠᠢ ᠳᠠᠲᠠᠯᠳᠤᠬᠤ ᠪᠠᠶᠢᠳᠠᠯ ᠳᠠᠬᠢᠨ ᠢᠯᠡᠷᠡᠬᠦ ᠦᠭᠡᠢ ᠪᠦᠭᠡᠳ ᠠᠮᠢᠰᠬᠤᠬᠤ ᠳᠤ ᠲᠠᠭᠠᠲᠠᠶᠢᠬᠠᠨ ᠪᠣᠯᠵᠤ᠂ ᠠᠭᠤᠰᠬᠢᠨ ᠤ ᠠᠮᠢᠰᠬᠤᠯ ᠤᠨ ᠪᠠᠭᠲᠠᠭᠠᠮᠵᠢ ᠵᠣᠬᠢᠬᠤ ᠬᠡᠮᠵᠢᠶ᠎ᠡ ᠪᠠᠷ ᠶᠡᠬᠡᠰᠦᠨ᠎ᠡ᠃ 1—9 ᠰᠠᠷ᠎ᠠ ᠶᠢᠨ ᠳᠣᠲᠤᠷ᠎ᠠ ᠪᠣᠯ ᠬᠠᠨᠢᠶᠠᠬᠤ᠂ ᠰᠠᠮᠠᠯᠳᠠᠭ ᠲᠤ ᠴᠢᠰᠤ ᠬᠤᠷᠠᠬᠤ᠂ ᠶᠠᠳᠠᠷᠠᠬᠤ᠂ ᠪᠠᠴᠢᠮᠳᠠᠨ ᠤᠴᠠᠭᠠᠷᠲᠠᠬᠤ ᠵᠡᠷᠭᠡ ᠢᠯᠡᠷᠡᠯ ᠠᠶᠠᠨᠳᠠᠭᠠᠨ ᠠᠷᠢᠯᠵᠤ᠂ ᠠᠮᠢᠰᠬᠤᠯ ᠤᠨ ᠡᠷᠬᠡᠳᠡᠨ ᠤ ᠴᠢᠳᠠᠪᠤᠷᠢ ᠳᠡᠭᠡᠭᠰᠢᠯᠡᠨ᠂ ᠬᠠᠯᠳᠠᠪᠤᠷᠢᠯᠠᠬᠤ ᠶᠢ ᠡᠰᠡᠷᠭᠦᠴᠡᠬᠦ ᠴᠢᠳᠠᠪᠤᠷᠢ ᠳᠡᠭᠡᠭᠰᠢᠯᠡᠨ᠎ᠡ᠃ 5 ᠵᠢᠯ ᠤᠨ ᠳᠣᠲᠤᠷ᠎ᠠ ᠪᠣᠯ ᠳᠠᠮᠠᠬᠢ ᠳᠠᠲᠠᠭᠴᠢᠳ ᠤᠨ ᠠᠭᠤᠰᠬᠢᠨ ᠤ ᠦᠮᠠᠨ ᠡᠪᠡᠳᠴᠢᠨ ᠢᠶᠠᠷ ᠦᠬᠦᠬᠦ ᠨᠣᠷᠮ᠎ᠠ ᠪᠠᠭᠠᠰᠤᠭᠠᠳ 1.37% ᠪᠠᠶᠢᠭᠰᠠᠨ ᠠᠴᠠ ᠪᠠᠨ ᠬᠠᠭᠠᠰ ᠢᠯᠡᠭᠦᠦ ᠪᠠᠭᠤᠷᠠᠬᠤ ᠪᠣᠯᠤᠨ᠎ᠠ᠃ 10 ᠵᠢᠯ ᠤᠨ ᠳᠣᠲᠤᠷ᠎ᠠ ᠪᠣᠯ ᠬᠢᠯᠪᠠᠷᠬᠠᠨ ᠢᠶᠠᠷ ᠦᠮᠠᠨ ᠡᠪᠡᠳᠴᠢᠨ ᠪᠣᠯᠵᠤ ᠬᠤᠪᠢᠷᠠᠬᠤ ᠡᠰ ᠤᠳ ᠨᠢ ᠡᠷᠡᠭᠦᠯ ᠮᠡᠨᠳᠦ ᠡᠰ ᠤᠳ ᠢᠶᠠᠷ ᠣᠷᠤᠯᠠᠭᠤᠯᠠᠭᠳᠠᠨ ᠰᠣᠯᠢᠭᠳᠠᠵᠤ᠂ ᠠᠮᠠᠨ ᠤ ᠬᠦᠨᠳᠡᠢ ᠶᠢᠨ ᠦᠮᠠᠨ᠂ ᠬᠤᠭᠤᠯᠠᠢ ᠶᠢᠨ ᠦᠮᠠᠨ᠂ ᠨᠠᠷᠢ ᠡᠪᠡᠳᠴᠢᠨ᠂ ᠳᠠᠪᠤᠰᠠᠩ ᠤᠨ ᠦᠮᠠᠨ᠂ ᠪᠦᠭᠡᠷᠡᠨ ᠤ ᠦᠮᠠᠨ ᠵᠡᠷᠭᠡ ᠶᠢ ᠣᠯᠬᠤ ᠨᠤᠷᠮ᠎ᠠ ᠨᠢ ᠶᠡᠭᠡ ᠬᠡᠮᠵᠢᠶ᠎ᠡ ᠪᠠᠷ ᠪᠠᠭᠠᠰᠳᠠᠭ᠃          ᠨᠠᠶᠢᠵᠠ ᠨᠠᠷ ᠡ᠂ ᠪᠡᠶ᠎ᠡ ᠪᠠᠨ ᠡᠷᠡᠭᠦᠯ ᠮᠡᠨᠳᠦ ᠠᠪᠴᠤ ᠶᠠᠪᠤᠶ᠎ᠠ ᠭᠡᠪᠡᠯ ᠳᠠᠮᠠᠬᠢ ᠳᠠᠲᠠᠬᠤ ᠪᠠᠨ ᠵᠣᠭᠰᠤᠭᠠᠷᠠᠢ︕
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号