1. ᠦᠷᠯᠦᠭᠡ ᠶᠢᠨ ᠰᠦ ᠲᠠᠢ ᠴᠠᠢ ᠨᠢ ᠬᠤᠷᠤᠳ᠂ ᠦᠷᠦᠮ᠎ᠡ ᠪᠢᠰᠢᠯᠠᠭ᠂ ᠬᠠᠭᠤᠷᠠᠢ ᠪᠣᠳᠠᠭ᠎ᠠ᠂ ᠮᠢᠬ᠎ᠠ ᠵᠡᠷᠭᠡ | ᠰᠢᠮ᠎ᠡ ᠲᠡᠵᠢᠭᠡᠯ ᠰᠠᠶᠢᠳᠠᠢ ᠢᠳᠡᠭᠡᠨ ᠢᠶᠠᠷ ᠭᠤᠤᠯᠯᠠᠳᠠᠭ ᠪᠤᠯᠬᠤᠷ ᠬᠤᠳᠤᠭᠠᠳᠦ ᠳᠤ ᠰᠠᠶᠢᠨ ᠪᠦᠭᠡᠳ ᠪᠡᠶ᠎ᠡ ᠮᠠᠬᠠᠪᠤᠳ | ᠤᠨ ᠴᠢᠬᠢᠷᠠᠭᠵᠢᠯ ᠳᠤ ᠮᠠᠰᠢ ᠰᠠᠶᠢᠨ ᠢᠶᠠᠷ ᠪᠠᠷᠠᠬᠤ ᠦᠭᠡᠢ ᠬᠦᠬᠡ ᠴᠠᠢ ᠨᠢ ᠨᠤᠶᠢᠷ ᠶᠢ ᠰᠡᠷᠭᠦᠭᠡᠵᠦ ᠴᠤᠭ ᠰᠦᠯᠳᠡ | ᠲᠠᠢ ᠪᠤᠯᠭᠠᠨ ᠦᠳᠡ ᠶᠢᠨ ᠡᠮᠦᠨᠡᠬᠢ ᠠᠵᠢᠯᠯᠠᠬᠤ ᠤᠷᠮ᠎ᠠ ᠶᠢ ᠡᠷᠴᠢᠯᠡᠵᠦ ᠠᠵᠢᠯ ᠤᠨ ᠦᠷ᠎ᠡ ᠪᠦᠳᠦᠮᠵᠢ ᠶᠢ | ᠲᠡᠭᠡᠭᠰᠢᠯᠡᠭᠦᠯᠳᠡᠭ᠂ ᠨᠡᠩ ᠤᠨᠴᠠᠶᠢᠭᠠᠯᠠᠨ ᠦᠨᠳᠦᠰᠦᠳᠡᠨ ᠤ ᠪᠠᠭ᠋ᠠᠷᠠᠯᠳᠦ ᠰᠡᠳᠭᠢᠯᠭᠡ ᠶᠢ ᠲᠦᠷᠦᠭᠳᠡᠭᠦᠯᠳᠡᠭ᠃ | 2. ᠦᠳᠡ ᠶᠢᠨ ᠬᠤᠶᠢᠨ᠎ᠠ ᠠᠵᠢᠯ ᠳᠤ ᠭᠠᠷᠤᠭᠰᠠᠨ ᠤ ᠲᠠᠷᠠᠭ᠎ᠠ ᠤᠭᠤᠭᠠᠨ ᠴᠠᠢ ︵ᠯᠦᠩ ᠵᠢᠩ᠂ ᠲᠢᠶᠧ | ᠭᠤᠸᠠᠨ ᠶᠢᠨ᠂ ᠮᠤᠤ ᠵᠢᠶᠠᠨ᠂ ᠭᠤᠤ ᠱᠠᠨ ᠵᠤ᠋ ᠵᠢᠶᠠᠨ︶ ᠪᠤᠶᠤ ᠶᠦᠨᠨᠠᠨ ᠤ ᠹᠦ᠋ ᠡᠯ ᠴᠠᠢ ᠤᠤᠭᠤᠬᠤ ᠨᠢ ᠦᠳᠡ ᠳᠤ | ᠤᠨᠳᠠᠭᠠᠳ ᠮᠠᠩᠰᠢᠭᠤᠷᠠᠭᠰᠠᠨ ᠪᠠᠶᠢᠳᠠᠯ ᠠᠴᠠ ᠲᠦᠷᠭᠡᠨ ᠰᠠᠯᠭᠠᠬᠤ ᠮᠦᠷᠳᠡᠭᠡᠨ ᠨᠤᠭᠤᠭᠠᠨᠴᠠᠢ ᠨᠢ ᠬᠠᠯᠠᠭᠤᠨ ᠢ | ᠬᠦᠭᠡᠭᠡᠵᠦ ᠦᠮᠠᠨ ᠠᠴᠠ ᠰᠡᠷᠭᠡᠶᠢᠯᠡᠨ ᠨᠢᠭᠤᠷ ᠴᠢᠷᠠᠢ ᠳᠤ ᠴᠠᠢ ᠶᠢᠨ ᠪᠠᠯ ᠰᠠᠭᠤᠯᠭᠠᠬᠤ ᠦᠭᠡᠢ ᠪᠦᠭᠡᠳ ᠪᠠᠰᠠ | ᠨᠢᠭᠤᠷ ᠴᠢᠷᠠᠢ ᠶᠢ ᠺᠤᠮᠫᠢᠤᠲ᠋ᠧᠷ ᠤᠨ ᠰᠠᠴᠤᠷᠠᠭ ᠬᠤᠤᠷᠳᠠᠯ ᠠᠴᠠ ᠰᠡᠷᠭᠡᠶᠢᠯᠡᠳᠡᠭ᠂ ᠮᠦᠨ ᠴᠦ ᠰᠡᠳᠭᠢᠯ ᠰᠠᠨᠠᠭ᠎ᠠ ᠶᠢ | ᠤᠷᠮᠠᠰᠢᠭᠤᠯᠳᠠᠭ ᠪᠦᠭᠡᠳ ᠠᠵᠢᠯᠯᠠᠬᠤ ᠤᠷᠮ᠎ᠠ ᠶᠢ ᠴᠢᠩᠭᠠᠷᠠᠭᠤᠯᠳᠠᠭ᠃ | 3. ᠤᠷᠤᠢ ᠡᠯ᠎ᠡ ᠵᠦᠢᠯ ᠤᠨ ᠬᠤᠸᠠᠷ ᠲᠠᠢ ᠴᠠᠢ ᠪᠤᠶᠤ ᠵᠢᠮᠢᠰ ᠤᠨ ᠬᠠᠳᠠᠭᠠᠮᠠᠯ ᠤᠨ ᠴᠠᠢ ᠶᠢ ᠰᠢᠯ ᠰᠠᠪᠠᠨ | ᠳᠤ ᠬᠢᠵᠦ ᠲᠤᠤᠷ᠎ᠠ ᠠᠴᠠ ᠨᠢ ᠯᠠ ᠪᠠᠷ ᠬᠠᠯᠠᠭᠠᠵᠦ ᠤᠤᠭᠤᠬᠤ ᠨᠢ ᠨᠤᠶᠢᠷ ᠶᠢ ᠬᠠᠷᠰᠢᠯᠠᠬᠤ ᠦᠭᠡᠢ ᠪᠦᠭᠡᠳ | ᠷᠤᠮᠠᠨᠲ᠋ᠢᠭ᠂ ᠦᠩᠭᠡ ᠵᠢᠰᠦ ᠶᠢ ᠭᠤᠶᠤᠯᠠᠵᠦ᠂ ᠰᠢᠨ᠎ᠡ ᠰᠤᠷᠭᠤᠭ ᠵᠢᠮᠢᠰ ᠤᠨ ᠬᠠᠳᠠᠭᠤ ᠬᠦᠢᠳᠡᠨ ᠠᠴᠠ ᠨᠢ ᠠᠶᠤᠳᠠᠭ | ᠬᠦᠮᠦᠰ ᠲᠤ᠂ ᠵᠢᠮᠢᠰ ᠪᠠᠭ᠎ᠠ ᠢᠳᠡᠳᠡᠭ ᠬᠦᠮᠦᠰ ᠲᠤ ᠲᠤᠬᠢᠷᠠᠮᠵᠢᠳᠠᠢ᠃ | 4. ᠡᠳᠦᠷ ᠲᠤ ᠨᠢᠭᠡ ᠴᠤᠮᠤ ᠺᠤᠹᠧ ᠤᠤᠭᠤᠬᠤ ᠨᠢ ᠵᠢᠷᠦᠬᠡᠨ ᠤ ᠠᠵᠢᠯᠯᠠᠭ᠎ᠠ ᠳᠤ ᠰᠠᠶᠢᠨ ᠪᠠᠶᠢᠳᠠᠭ᠂ | ᠶᠠᠭᠠᠬᠢᠭᠰᠠᠨ ᠴᠦ ᠬᠡᠮᠵᠢᠶ᠎ᠡ ᠠᠴᠠ ᠨᠢ ᠬᠡᠳᠦᠷᠡᠭᠦᠯᠵᠦ ᠪᠤᠯᠬᠤ ᠦᠭᠡᠢ᠂ ᠠᠷᠪᠢᠨ ᠺᠤᠹᠧ ᠤᠤᠭᠤᠬᠤ ᠨᠢ ᠨᠢᠭᠤᠷ | ᠵᠢᠰᠦᠨ ᠤ ᠤᠰᠤᠨ ᠤ ᠠᠭᠤᠯᠤᠭᠳᠠᠴᠠ ᠶᠢ ᠠᠯᠳᠠᠭᠳᠠᠭᠤᠯᠵᠤ ᠬᠦᠭᠰᠢᠷᠡᠭᠦᠯᠳᠡᠭ᠃ | 5. ᠨᠠᠶᠢᠵᠠ ᠨᠦᠬᠦᠳ ᠲᠠᠢ ᠪᠠᠨ ᠰᠤᠯᠠ ᠰᠡᠯᠡᠭᠦᠤ ᠪᠠᠶᠢᠬᠤ ᠪᠤᠶᠤ ᠤᠴᠢᠷ ᠶᠠᠪᠤᠳᠠᠯ ᠶᠠᠷᠢᠯᠴᠠᠵᠦ | ᠵᠦᠪᠳᠡᠯᠴᠡᠬᠦ ᠳᠡᠭᠡᠨ ᠴᠠᠢ ᠶᠢᠨ ᠦᠷᠦᠭᠡ ᠪᠤᠶᠤ ᠲᠤᠬᠢᠯᠠᠭ ᠰᠠᠶᠢᠬᠠᠨ ᠦᠪᠡᠷ ᠤᠨ ᠭᠡᠷ ᠤᠨ ᠴᠠᠢ ᠶᠢᠨ ᠦᠷᠦᠭᠡ ᠳᠤ | ᠪᠠᠨ ᠴᠠᠢ ᠠᠮᠰᠠᠵᠦ ᠰᠡᠯᠡᠭᠦᠦ ᠰᠠᠭᠤᠬᠤ ᠨᠢ ᠤᠷᠠᠯᠢᠭ ᠪᠦᠭᠡᠳ ᠰᠠᠨᠠᠭ᠎ᠠ ᠰᠡᠳᠭᠢᠯ ᠢ ᠠᠮᠤᠷᠵᠢᠭᠤᠯᠵᠦ | ᠲᠠᠶᠢᠪᠤᠰᠢᠷᠠᠭᠤᠯᠤᠨ ᠤᠨᠴᠠ ᠶᠢᠨ ᠭᠤᠶᠢᠳᠠ ᠰᠠᠶᠢᠬᠠᠨ ᠪᠠᠶᠢᠳᠠᠭ᠃ |