ᠴᠢᠷᠮᠠᠶᠢᠯᠲᠠ
ᠨᠡᠶᠢᠲᠡᠯᠡᠭᠰᠡᠨ ᠴᠠᠭ᠄
2020/11/20
     ᠴᠢᠷᠮᠠᠶᠢᠯᠲᠠ ᠭᠡᠲᠡᠭ ᠦᠭᠡ ᠳᠠᠷᠣᠢ ᠬᠦᠮᠦᠨ ᠤ ᠵᠤᠷᠢᠭ ᠤᠬᠠᠭᠠᠨ ᠤ ᠬᠤᠤᠰᠯᠠᠯ ᠠᠴᠠ ᠪᠤᠢ ᠪᠤᠯᠤᠭᠰᠠᠨ ᠤᠬᠤᠷᠠᠰᠢ ᠦᠭᠡᠢ ᠤᠷᠤᠭᠰᠢ ᠲᠡᠮᠡᠤᠯᠬᠦ ᠠᠤᠭ᠎ᠠ ᠶᠡᠭᠡ ᠨᠢᠭᠤᠴᠠ ᠬᠦᠴᠦ ᠶᠢ ᠬᠡᠯᠡᠲᠡᠭ  ᠶᠤᠮ᠂ ᠴᠢᠷᠮᠠᠶᠢᠵᠤ ᠯᠠ  ᠪᠠᠶᠢᠪᠠᠯ ᠪᠦᠳᠦᠰᠢ ᠦᠭᠡᠢ ᠶᠠᠪᠤᠲᠠᠯ ᠪᠦᠲᠦᠭᠡᠵᠤ ᠪᠤᠯᠤᠰᠢ ᠦᠭᠡᠢ ᠠᠵᠢᠯ ᠤᠶᠢᠯᠠ ᠦᠭᠡᠢ ᠭᠡᠲᠡᠭ ᠢ ᠠᠮᠢᠳᠤᠷᠠᠯ ᠨᠤᠲᠠᠯᠠᠵᠤ ᠠᠮᠵᠢᠯᠲᠠ ᠤᠶᠢᠯᠡᠰ ᠲᠤᠲᠤᠯᠠᠲᠠᠭ ᠶᠤᠮ ᠰᠢᠦ᠂ ᠡᠵᠡᠨ ᠬᠦᠮᠦᠨ ᠬᠦᠴᠦᠯᠠᠪᠠᠯ ᠡᠪ ᠵᠦᠢ ᠤᠬᠠᠭᠠᠨ ᠵᠤᠷᠢᠭ ᠠᠮᠭᠠᠢ ᠵᠢᠯᠤᠭᠤ ᠰᠢᠭ᠋ ᠲᠠᠭᠠᠷᠠᠭᠠᠳ ᠢᠷᠡᠪᠡᠯ ᠭᠠᠷ ᠢᠶᠠᠷ ᠪᠠᠨ ᠭᠦᠮᠦᠨ ᠠᠮᠵᠢᠯᠲᠠ ᠤᠨ ᠲᠤᠭ ᠢ ᠡᠷᠭᠦᠵᠤ᠂ ᠭᠠᠪᠢᠶᠡᠨ ᠲᠡᠮᠲᠡᠭ ᠢ ᠡᠩᠬᠡᠷ ᠲᠡᠭᠡᠨ ᠵᠡᠭᠦᠯᠭᠡᠵᠤ ᠴᠢᠲᠠᠨ᠎ᠠ ᠭᠡᠲᠡᠭ ᠢ ᠦᠨᠡᠨ ᠪᠤᠳᠢᠲᠡᠢ ᠠᠮᠢᠲᠤᠷᠠᠯ ᠦᠢᠯᠡᠳᠦᠯᠭᠡ ᠭᠡᠷᠡᠴᠢᠯᠠᠵᠤ ᠪᠠᠶᠢᠲᠠᠭ᠂ ᠴᠢᠷᠮᠠᠶᠢᠯᠭ᠎ᠠ ᠡᠵᠡᠨ ᠢᠶᠠᠨ ᠭᠤᠮᠤᠲᠠᠭᠠᠬᠤ ᠦᠭᠡᠢ ᠭᠡᠲᠡᠭ ᠡᠨᠡ ᠦᠭᠡ ᠴᠢᠩ ᠵᠤᠷᠢᠭ ᠢ ᠤᠷᠢᠶᠠᠯᠵᠤ ᠠᠰᠤᠷᠤ ᠶᠡᠭᠡ ᠠᠮᠵᠢᠯᠲᠠ ᠳᠤ ᠬᠦᠷᠭᠡᠨ᠎ᠠ ᠭᠡᠲᠡᠭ ᠢ ᠲᠦᠪ ᠶᠤᠰᠤ ᠲᠤᠯᠢ ᠪᠤᠯᠭᠠᠵᠤ ᠲᠦᠮᠡᠨ ᠤᠯᠠᠨ ᠳᠤ ᠶᠠᠷᠢᠵᠤ ᠪᠠᠶᠢᠲᠠᠭ ᠶᠤᠮ ᠡ᠃          ᠴᠢᠷᠮᠠᠶᠢᠵᠤ ᠪᠠᠶᠢᠵᠤ ᠠᠮᠵᠢᠯᠲᠠ ᠤᠯᠲᠠᠭ᠂ ᠠᠰᠠᠷ ᠲᠠᠭᠲᠤ ᠪᠤᠰᠬᠠᠲᠠᠭ᠂ ᠠᠯᠲᠠᠷ ᠨᠡᠷ᠎ᠡ ᠪᠠᠨ ᠴᠤ ᠪᠤᠰᠬᠠᠲᠠᠭ᠂ ᠴᠢᠷᠮᠠᠶᠢᠯᠲᠠ ᠬᠦᠮᠦᠨ ᠢ ᠬᠦᠯ ᠲᠠᠢ ᠪᠤᠯᠭᠠᠲᠠᠭ᠂ ᠬᠦᠷᠦᠩᠭᠡ ᠲᠠᠢ ᠪᠤᠯᠭᠠᠲᠠᠭ᠂ ᠬᠦᠰᠡᠯ ᠲᠠᠢ ᠴᠦ ᠪᠤᠯᠭᠠᠲᠠᠭ ᠶᠤᠮ᠂ ᠲᠠᠨᠠᠷ ᠮᠢᠨᠢ ᠬᠠᠷᠠᠵᠤ ᠦᠵᠡᠯ ᠳ᠋ᠠ︕ ᠲᠡᠲᠡᠭᠡᠷ ᠲᠤᠮᠤ ᠲᠤᠮᠤ ᠠᠵᠤ ᠠᠬᠤᠶᠢᠯᠠᠯᠲᠠᠳ᠂ ᠲᠤᠭᠠᠯᠠᠵᠤ ᠪᠠᠷᠠᠰᠢ ᠦᠭᠡᠢ ᠰᠢᠨ᠎ᠠ ᠶᠢ ᠡᠭᠦᠳᠡᠭᠰᠡᠨ ᠰᠢᠨᠵᠢᠯᠡᠬᠦ ᠤᠬᠠᠭᠠᠨᠲᠠᠳ᠂ ᠰᠤᠲᠤᠷ ᠨᠤᠮ ᠰᠤᠩᠭᠤᠲᠠᠭ ᠪᠦᠲᠦᠭᠡᠯ ᠲᠠᠢ ᠡᠷᠲᠡᠮᠲᠡᠳ᠂ ᠰᠤᠲᠤᠯᠠᠯ ᠡᠷᠢᠯᠬᠡᠯᠡᠯ ᠲᠠᠢ ᠤᠯᠠᠨ ᠶᠢ ᠪᠦᠲᠦᠭᠡᠭᠰᠡᠨ ᠠᠪᠤᠷᠭᠤᠴᠤᠳ ᠪᠦᠷ ᠯᠠ ᠴᠢᠷᠮᠠᠶᠢᠭᠰᠠᠨ ᠲᠡᠭᠡᠷ᠎ᠡ ᠪᠠᠨ ᠴᠢᠷᠮᠠᠶᠢᠨ ᠪᠠᠶᠢᠵᠤ ᠭᠠᠷ ᠲᠠᠷᠢᠬᠢ ᠪᠠᠷ ᠢᠶᠠᠨ ᠤᠶᠢᠯᠡᠰ ᠪᠤᠰᠬᠠᠵᠤ ᠭᠠᠯᠪᠠ ᠲᠡᠯᠡᠭᠡᠢ ᠳᠤ ᠲᠡᠭᠡᠷ᠎ᠡ ᠨᠡᠷ᠎ᠡ ᠪᠠᠨ ᠲᠠᠮᠭᠠᠯᠠᠵᠤ ᠶᠠᠪᠤᠭ᠎ᠠ ᠪᠢᠰᠢ ᠦᠦ︖ ᠬᠡᠯᠡᠯᠭᠡᠨ ᠦᠭᠡᠢ ᠵᠠᠷᠢᠮ ᠦᠶ᠎ᠡ ᠳᠤ ᠡᠮᠤᠨᠡᠰᠢ ᠤᠷᠤᠭᠰᠢᠯᠠᠬᠤ ᠵᠠᠮ ᠲᠤᠮᠲᠠ ᠡᠮᠤᠨ᠎ᠠ ᠴᠢᠨᠢ ᠶᠠᠮᠠᠷ ᠨᠢᠭᠡᠨ ᠬᠦᠨᠲᠡᠯᠡᠨ ᠰᠠᠭᠠᠳ ᠬᠠᠷᠭᠤᠵᠤ ᠰᠠᠨᠠᠭ᠎ᠠ ᠪᠤᠲᠤᠯ ᠳᠠᠭᠠᠨ ᠬᠦᠷᠴᠦ ᠴᠢᠲᠡᠯᠭᠦᠢ ᠴᠤᠬᠢᠯᠲᠠ ᠢᠯᠢᠭᠳᠠᠯ ᠳᠤ ᠤᠴᠠᠷᠠᠵᠤ ᠴᠤᠬᠤᠮ ᠶᠠᠭᠠᠭᠢᠬᠤ ᠪᠠᠨ ᠮᠡᠲᠡᠵᠤ ᠴᠢᠲᠠᠬᠤ ᠦᠭᠡᠢ ᠴᠠᠭ ᠪᠠᠰᠠ ᠪᠠᠶᠢᠲᠠᠭ ᠶᠤᠮ᠂ ᠡᠨᠡ ᠪᠤᠯ ᠤᠶᠢᠯᠡᠰ ᠪᠦᠲᠦᠭᠡᠭᠴᠢᠳ ᠲᠤ ᠦᠷᠭᠦᠯᠵᠢ ᠲᠤᠬᠢᠶᠡᠬᠤ ᠬᠦᠮᠦᠨ ᠤ ᠰᠦᠰᠦ ᠶᠢ ᠰᠢᠯᠭᠠᠲᠠᠭ ᠬᠦᠴᠤ ᠵᠤᠷᠢᠭ ᠢ ᠬᠡᠮᠵᠢᠲᠡᠭ ᠬᠡᠮᠵᠢᠬᠦᠷ ᠭᠡᠵᠤ ᠦᠵᠡᠪᠡᠯ ᠵᠤᠬᠢᠯᠲᠡᠢ᠂ ᠪᠦᠲᠦᠷᠢᠵᠤ ᠤᠨᠠᠭᠠᠳ ᠪᠤᠰᠴᠤ ᠵᠤᠭᠰᠤᠬᠤ ᠦᠭᠡᠢ ᠪᠤᠯ ᠪᠦᠷᠮᠦᠰᠦᠨ ᠲᠡᠭᠡᠭᠡᠳ ᠲᠡᠶᠢᠯᠡᠭᠲᠡᠯ ᠳᠤ ᠲᠠᠵᠢᠷᠠᠭᠲᠠᠯ᠎ᠠ ᠭᠡᠰᠡᠨ ᠦᠭᠡ᠂ ᠡᠮᠤᠨᠡᠰᠢ ᠵᠢᠳᠬᠦᠬᠦ ᠪᠠᠨ ᠵᠤᠭᠰᠤᠭᠠᠪᠠᠯ ᠦᠨᠢ ᠮᠦᠩᠬᠡ ᠤᠬᠤᠷᠠᠯᠲᠠ ᠶᠢᠨ ᠵᠠᠮ ᠳᠤ ᠤᠷᠤᠪᠠ ᠭᠡᠰᠡᠨ ᠶᠠᠪᠤᠲᠠᠯ᠃ ᠴᠢᠷᠮᠠᠶᠢᠯᠲᠠ ᠪᠠᠷ ᠲᠠᠮᠵᠢᠵᠤ ᠠᠮᠵᠢᠯᠲᠠ ᠤᠯᠲᠠᠭ᠂ ᠤᠯᠤᠭᠰᠠᠨ ᠠᠮᠵᠢᠯᠲᠠ ᠳᠠᠭᠠᠨ ᠤᠭᠰᠤᠶᠢᠵᠤ ᠰᠡᠳᠬᠢᠯ ᠬᠠᠨᠤᠬᠤ ᠪᠤᠯ ᠲᠠᠪᠰᠢᠬᠤ ᠱᠠᠲᠤ ᠠᠴᠠ ᠪᠠᠨ ᠲᠠᠬᠢᠨ ᠤᠷᠤᠭᠤ ᠤᠨᠠᠯ᠎ᠠ ᠭᠡᠲᠡᠭ ᠶᠤᠰᠤ ᠴᠦ ᠪᠠᠶᠢᠲᠠᠭ ᠡ᠃          ᠲᠠᠪᠰᠢᠬᠤ ᠭᠡᠪᠡᠯ ᠳᠠᠷᠣᠢ ᠦᠭᠡᠲᠡ ᠮᠠᠴᠤᠬᠤ ᠢ ᠬᠡᠯᠡᠲᠡᠭ ᠪᠠᠶᠢᠨ᠎ᠠ᠂ ᠦᠭᠡᠲᠡ ᠮᠠᠴᠤᠵᠤ ᠦᠭᠡᠲᠡᠷᠬᠡᠭ ᠪᠤᠯᠤᠶ᠎ᠡ ᠭᠡᠪᠡᠯ ᠦᠨᠢᠷ ᠠᠮᠢᠲᠤᠷᠠᠯ ᠤᠨ ᠲᠤᠷᠰᠢᠯᠭ᠎ᠠ ᠡᠵᠡᠮᠰᠢᠬᠦ ᠬᠡᠷᠡᠭᠲᠡᠢ᠂ ᠦᠷᠦᠭᠡᠯ ᠳᠤ ᠪᠠᠶᠢᠬᠤ ᠦᠭᠡᠢ ᠲᠠᠷᠢᠬᠢ ᠲᠤᠯᠤᠭᠠᠢ  ᠲᠠᠢ ᠪᠠᠶᠢᠬᠤ ᠬᠡᠷᠡᠭᠲᠡᠢ᠂ ᠲᠠᠰᠤᠷᠠᠯᠲᠠ ᠦᠭᠡᠢ ᠰᠢᠨ᠎ᠠ ᠵᠤᠶᠢᠯᠠᠰ ᠶᠢ ᠪᠤᠲᠤᠵᠤ ᠰᠡᠳᠬᠡᠭᠦ ᠬᠡᠷᠡᠭᠲᠡᠢ᠂ ᠲᠠᠰᠤ ᠦᠭᠡᠷ᠎ᠡ ᠵᠠᠮ ᠢᠶᠠᠷ ᠶᠠᠪᠤᠵᠤ ᠦᠵᠡᠬᠦ ᠴᠦ ᠬᠡᠷᠡᠭᠲᠡᠢ᠂ ᠶᠠᠭᠤᠮ᠎ᠠ ᠪᠦᠬᠦᠨ ᠳᠤ ᠵᠢᠮ᠎ᠠ ᠪᠠᠶᠢᠲᠠᠭ ᠵᠢᠮ᠎ᠠ ᠶᠢ ᠨᠢ ᠤᠯᠤᠶ᠎ᠠ ᠭᠡᠪᠡᠯ ᠵᠠᠮ ᠢ ᠨᠢ ᠰᠤᠳᠤᠯᠠᠬᠤ ᠤᠴᠢᠷᠲᠠᠢ ᠡ ᠢᠩᠭᠡᠪᠡᠯ ᠰᠠᠶ᠋ᠢ ᠰᠢᠨ᠎ᠠ ᠡᠭᠦᠲᠡᠯᠲᠠ ᠠᠴᠠ ᠰᠢᠵᠢᠷ ᠲᠤᠶᠠᠭ᠎ᠠ ᠰᠠᠴᠤᠷᠠᠨ᠎ᠠ  ᠪᠢᠰᠢᠦ᠂ ᠴᠢᠷᠮᠠᠶᠢᠯᠲᠠ ᠠᠴᠠ ᠡᠭᠦᠰᠦᠭᠰᠡᠨ ᠪᠦᠲᠦᠭᠡᠯ ᠴᠢᠨᠢ ᠠᠯᠲᠠᠷ ᠶᠤᠮ᠂ ᠠᠯᠲᠠᠷ ᠢᠶᠠᠨ ᠡᠷᠭᠦᠭᠰᠡᠨ ᠨᠡᠷ᠎ᠡ ᠴᠢᠨᠢ ᠭᠡᠷᠡᠯ ᠶᠤᠮ ᠡᠨᠡ ᠭᠡᠷᠡᠯ ᠴᠢᠨᠢ ᠲᠡᠭᠡᠭᠡᠳ ᠬᠦᠮᠦᠨ ᠪᠠᠶᠢᠭᠠᠯᠢ ᠬᠦᠷᠲᠤᠨ ᠬᠤᠷᠸ᠎ᠠ ᠶᠢ ᠭᠤᠶᠤᠯᠠᠵᠤ ᠴᠢᠲᠠᠪᠠᠯ ᠬᠦᠰᠡᠯ ᠲᠡᠮᠡᠤᠯᠤᠯ ᠤᠯᠭᠤᠲᠠᠭ ᠯᠠ ᠶᠤᠮ ᠪᠤᠯ ᠪᠦᠬᠦ ᠬᠦᠮᠦᠨ ᠲᠦᠷᠦᠯᠬᠢᠲᠡᠨ ᠪᠦᠷᠢᠨ ᠲᠡᠭᠦᠯᠲᠡᠷ ᠤᠷᠤᠰᠢᠵᠤ᠂ ᠬᠠᠶᠢᠷ᠎ᠠ ᠪᠤᠯᠤᠨ ᠨᠠᠶᠢᠷ᠂ ᠬᠠᠨᠢ ᠪᠤᠯᠤᠨ ᠢᠵᠢᠯᠢ᠂ ᠬᠠᠷᠢᠭᠤ ᠪᠤᠯᠤᠨ ᠢᠷᠡᠭᠤ ᠬᠠᠮᠤᠭ ᠪᠦᠭᠦᠲᠡ ᠬᠠᠮᠲᠤ ᠵᠡᠷᠭᠡ ᠳᠡᠭᠡᠨ ᠨᠢᠭᠡ ᠴᠡᠭ ᠲᠡᠭᠡᠷ᠎ᠡ ᠲᠤᠭᠲᠤᠵᠤ ᠤᠷᠴᠢᠯᠠᠩ ᠬᠤᠷᠸ᠎ᠠ ᠤᠲᠤ ᠰᠠᠷᠠ ᠰᠢᠭ᠋ ᠭᠡᠷᠡᠯᠲᠦᠲᠡᠭ ᠡ︕          ᠴᠢᠷᠮᠠᠶᠢᠯᠲᠠ ᠪᠤᠯ ᠪᠠᠷᠠᠭᠲᠠᠰᠢ ᠦᠭᠡᠢ ᠭᠦᠴᠤ ᠶᠤᠮ᠂ ᠪᠠᠶᠠᠯᠢᠭ ᠠᠭᠤᠷᠬᠠᠢ ᠢ ᠨᠡᠭᠡᠭᠡᠬᠦ ᠠᠯᠲᠠᠨ ᠲᠦᠯᠬᠢᠭᠦᠷ ᠶᠤᠮ᠃           ᠵᠤᠬᠢᠶᠠᠬᠴᠢ᠄ ᠨᠤ᠂ ᠡᠷᠬᠡᠪᠠᠲᠤ  
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号