ᠴᠠᠬᠢᠷᠮᠠᠭ ᠤᠨ ᠴᠠᠳᠢᠭ
ᠨᠡᠶᠢᠲᠡᠯᠡᠭᠰᠡᠨ ᠴᠠᠭ᠄
2023/1/31
                                        ᠪᠢᠮᠪᠠ ᠶᠢᠨ ᠪᠠᠶᠠᠨᠲᠥᠬᠤᠢ                               ᠴᠠᠬᠢᠷᠮᠠᠭ ᠤᠨ ᠴᠠᠳᠢᠭ            ᠥᠭᠡᠯᠡᠳ ᠣᠪᠣᠭ ᠤᠨ ᠴᠠᠬᠢᠷᠮᠠᠭ ᠤᠨ ᠴᠠᠭᠠᠨ ᠶᠠᠰᠤᠲᠠᠨ ᠤ ᠲᠤᠬᠠᠢ ᠲᠥᠬᠦᠮ ᠲᠠᠶᠢᠯᠪᠤᠷᠢ         ( ᠮᠢᠨᠦ ᠡᠪᠦᠭᠡ ᠨᠠᠮᠠᠭᠢ ᠪᠠᠭ᠎ᠠ ᠳᠤ ᠪᠢᠳᠡᠨ ᠪᠣᠷᠠᠭᠠᠳ ᠶᠠᠰᠤᠲᠠᠨ ᠭᠡᠳᠡᠭ ᠪᠤᠷᠠᠭᠠᠳ ᠤ ᠪᠤᠷᠢᠶᠠᠳ ᠪᠣᠯᠬᠤ ᠮᠠᠭᠠᠳ᠂ ᠪᠤᠷᠠᠳ ᠭᠡᠵᠤ ᠵᠡᠭᠦᠨᠭᠠᠷ ᠤᠨ ᠮᠣᠩᠭᠤᠯ ᠬᠢᠷᠭᠢᠰ ᠢ ᠬᠡᠯᠡᠨ᠎ᠠ᠂ ᠪᠤᠷᠤᠭᠤ ᠨᠣᠮᠲᠠᠨ ᠭᠡᠰᠡᠨ ᠦᠭᠡ )             ᠴᠠᠬᠢᠷᠮᠠᠭ ᠤᠨ ᠴᠠᠳᠢᠭ —ᠭᠡᠷ ᠤᠨ ᠲᠡᠦᠬᠡ ᠳᠤ ᠴᠠᠬᠢᠷᠮᠠᠭ ᠤᠨ ᠲᠤᠬᠠᠢ ᠲᠠᠶᠢᠯᠪᠤᠷᠢ ᠪᠠᠶᠢᠨ᠎ᠠ᠃   1᠃ ᠴᠠᠬᠢᠷᠮᠠᠭ —ᠭᠠᠵᠠᠷ ᠤᠨ ᠨᠠᠷ᠎ᠠ         2᠃ ᠡᠯᠢᠬᠡᠨ —ᠡᠯᠢᠬᠡᠨ ᠪᠥᠭᠡᠷ᠎ᠠ ᠶᠢᠨ ᠡᠯᠢᠬᠡᠨ ᠪᠢᠰᠢ᠃ ᠣᠲᠤᠭ᠂ ᠭᠠᠯ ᠭᠤᠯᠤᠮᠲᠠ ᠬᠡᠬᠦ ᠤᠳᠬ᠎ᠠ ᠲᠠᠢ᠃         3᠃ ᠴᠠᠳᠢᠭ᠃ ᠤᠭ ᠤᠨ ᠬᠡᠯᠬᠡᠶ᠎ᠠ᠂ ᠤᠭ ᠪᠢᠴᠢᠭ᠂ ᠭᠡᠷ ᠤᠨ ᠴᠠᠳᠢᠭ᠂ ᠭᠡᠷ ᠤᠨ ᠱᠠᠰᠲᠢᠷ᠂ ᠭᠡᠷ ᠤᠨ ᠤᠭ ᠡᠬᠡᠨ ᠪᠢᠴᠢᠭ᠂ ᠭᠡᠷ ᠤᠨ ᠲᠡᠦᠬᠡ ᠵᠡᠷᠭᠡ ᠤᠳᠬ᠎ᠠ ᠲᠠᠢ ᠣᠯᠠᠨ ᠬᠡᠯᠡᠯᠭᠡ ᠲᠠᠢ ᠤᠳᠬ᠎ᠠ ᠨᠢ ᠨᠢᠭᠡ ᠦᠭᠡ᠃         4᠃  ᠴᠠᠬᠢᠷᠮᠠᠭ ᠤᠨ ᠤᠭ ᠨᠤᠲᠤᠭ ᠨᠠᠷᠠᠨ ᠭᠠᠷᠬᠤ ᠵᠦᠭ ᠭᠡᠨ᠎ᠠ᠃ ᠲᠡᠨᠳᠠ ᠠᠴᠠ ᠤᠰᠤ ᠭᠠᠳᠤᠯᠠᠭᠳ ᠬᠦᠯᠦᠨ —ᠪᠣᠶᠢᠷ᠂᠂᠂᠂ ᠬᠠᠯᠠᠭᠤᠨ ᠨᠠᠭᠤᠷ᠂᠂᠂᠂ ᠲᠠᠷᠪᠠᠭᠠᠲᠠᠢ᠂᠂᠂᠂ ᠬᠤᠨᠭ᠍ᠭᠤᠷ ᠪᠤᠯᠠᠭ᠂᠂᠂᠂ ᠲᠤᠮ ( ᠲᠤᠮ ᠭᠡᠳᠡᠭ ᠭᠠᠵᠠᠷ ᠬᠠᠭᠠᠨ ᠲᠡᠭᠷᠢ ᠠᠭᠤᠯᠨ ᠤᠨ ᠬᠠᠭᠠᠨ ᠲᠡᠭᠷᠢ ᠣᠷᠭᠢᠯ ᠤᠤ︖ ᠲᠡᠮᠤᠷ ᠣᠷᠭᠢᠯ ᠳᠤ ᠪᠠᠶᠢᠨ᠎ᠠ ᠭᠡᠨ᠎ᠠ᠃ ) ᠭᠠᠨᠳᠠᠭᠠᠷᠲᠤ ( ᠭᠠᠨᠳᠠᠭᠠᠷᠲᠤ ᠨᠢ ᠠᠫᠠᠭᠠᠨᠰᠲᠠᠨ ᠤ ᠬᠠᠨᠳᠠᠭᠠᠢ ᠤᠤ︖ ᠠᠫᠠᠭᠠᠨᠰᠲᠠᠨ ᠳᠤ ᠺᠠᠨᠳᠠᠬᠠᠢ ᠭᠡᠳᠡᠭ ᠭᠠᠵᠠᠷ ᠣᠳᠣ ᠪᠠᠶᠢᠨ᠎ᠠ᠃ ᠭᠠᠨᠳᠠᠭᠠᠷᠲᠤ ᠨᠢ ᠬᠠᠨᠳᠠᠭᠠᠲᠤ ᠤᠤ︖ *ᠡᠨ᠋ᠨ ᠮᠢᠨᠦ ᠲᠠᠭᠠᠮᠠᠭᠯᠠᠯ *)᠃        ᠂᠂᠂᠂ ᠠᠳᠣᠭᠤᠨᠪᠤᠯᠠᠭ᠂᠂᠂᠂ ᠵᠠᠯ᠎ᠠ ᠬᠠᠷᠠᠭᠠᠢ᠂ ᠲᠣᠯᠣᠭᠠᠨ ᠪᠤᠯᠠᠭ᠂ ᠪᠣᠷᠣᠲᠣᠯᠣᠭᠠᠢ᠂᠂᠂᠂ ᠲᠠᠯᠲᠤ ( ᠲᠠᠯᠲᠤ  ᠨᠢ ᠣᠳᠣ ᠶᠢᠨ ᠴᠢᠩᠭᠢᠰ ᠴᠠᠭᠠᠨ ᠤᠰᠤᠨ ᠤ ᠲᠠᠯᠲᠤ ᠪᠣᠯᠬᠤ ᠪᠠᠶᠢᠬ᠎ᠠ )           5᠃ ᠣᠳᠤ ᠶᠢᠨ ᠴᠠᠭᠠᠨ ᠤᠰᠤᠨ ᠳᠤ ᠴᠣᠪᠷᠨ ᠤᠨ ᠳ᠋ᠸᠡᠭ᠂ ᠴᠣᠩᠺᠠ ᠶᠢᠨ ᠪᠤᠯᠠᠭ ᠭᠡᠳᠡᠭ ᠬᠤᠶᠠᠷ ᠭᠠᠵᠠᠷ ᠪᠠᠶᠢᠨ᠎ᠠ᠃         6᠃ ᠴᠠᠬᠢᠷᠮᠠᠭ 60ᠡᠯᠢᠬᠡᠨ ᠪᠢᠰᠢ᠂ 60ᠡᠷᠦᠬᠡ᠃         7᠃ ᠴᠠᠬᠢᠷᠮᠠᠭ ᠤᠨ ᠣᠡᠭᠭᠤᠨ ᠡᠪᠦᠭᠡ ᠬᠦᠮᠦᠨ ᠤ ᠨᠠᠴᠢᠨ ᠬᠦᠨᠳᠤ ᠭᠠᠷᠲᠤ ᠰᠠᠪᠠᠷ᠂ ᠣᠡᠭᠭᠤᠨ ᠡᠮᠢᠭᠡ ᠨᠠᠷᠠᠨ ᠭᠠᠷᠬᠤ ᠵᠦᠭ ᠤᠨ ᠨᠠᠷᠠᠨᠳᠠᠯᠠᠢ ᠬᠠᠭᠠᠨ ᠤ ᠬᠡᠦᠬᠡᠨ ᠨᠣᠮᠲᠡᠭᠦᠰ ( ᠨᠣᠮᠤᠲᠡᠭᠦᠰ ᠤᠤ︖ )                   8᠃ ᠴᠠᠬᠢᠷᠮᠠᠭ ᠴᠠᠰᠤᠨ ᠲᠡᠭᠡᠷ᠎ᠠ ᠲᠤᠶᠢᠮᠠᠷ ᠲᠠᠪᠢᠳᠠᠭ᠂ ᠴᠠᠭᠠᠨ ᠲᠡᠮᠡᠭᠡᠨ ᠤ ᠴᠠᠪᠢ ᠳᠤ ᠨᠢ ᠪᠣᠭᠤᠷᠴᠠᠭ ᠰᠢᠷᠡᠵᠤ ᠢᠳᠡᠨ᠎ᠠ ᠭᠡᠳᠡᠭ ᠤᠨ ᠲᠠᠶᠢᠯᠪᠤᠷᠢ ᠨᠢ ᠪᠠᠶᠢᠨ᠎ᠠ᠃        9᠃ ᠴᠠᠬᠢᠷᠮᠠᠭ ᠤᠨ ᠵᠠᠷ ᠵᠡᠪᠰᠢᠭ᠂ ᠠᠢ ᠰᠢᠷ᠎ᠠ ᠪᠠᠯᠲᠠ᠂ ᠳ᠋ᠤᠯᠳᠦᠢ᠃ ( ᠪᠠᠯᠲᠠ ᠤ ᠮᠣᠩᠭᠤᠯ ᠡᠷᠲᠡᠨ ᠤ ᠦᠭᠡ᠂ ᠣᠳᠤ ᠶᠢᠨ ᠰᠦᠭᠡ᠂ ᠳ᠋ᠤᠯᠳᠦᠢ ᠨᠢ ᠲᠣᠯᠣᠭᠠᠢ ᠨᠢ ᠪᠥᠳᠦᠭᠦᠨ ᠮᠣᠭᠤᠯᠴᠠᠭ᠂ ᠢᠰᠢ ᠲᠠᠢ᠂ ᠬᠠᠷᠠᠭᠠᠢ᠂ ᠬᠤᠰᠤᠮ ᠮᠣᠳᠤᠨ ᠨᠢ ᠤᠤᠷ ᠪᠠᠷ ᠶᠠᠰᠠᠳᠠᠭ᠂ ᠪᠣᠯᠤᠳ ᠢᠶᠠᠷ ᠴᠤᠳᠬᠠᠵᠤ ᠪᠠᠰᠠ ᠬᠢᠳᠡᠭ )᠃         10᠃ ᠴᠠᠬᠢᠷᠮᠠᠭ ᠤᠨ ᠡᠷᠡᠭᠲᠡᠶᠢᠴᠢᠳ ᠬᠡᠲᠠ ᠴᠠᠬᠢᠭᠤᠷ᠂  ᠂ᠪᠠᠯᠲᠠ᠂ ᠳ᠋ᠤᠯᠳᠤᠢ᠂ ᠮᠠᠲᠠᠭ᠎ᠠ᠂  ᠠᠶᠠᠭ᠎ᠠ᠂ ᠰᠠᠪᠬ᠎ᠠ  ᠶᠢ ᠪᠡᠶ᠎ᠠ ᠳᠡᠭᠡᠨ ᠠᠪᠴᠤ ᠶᠠᠪᠤᠳᠠᠭ᠃        11᠃ ᠴᠠᠬᠢᠷᠮᠠᠭ ᠤᠨ ᠡᠮᠡᠭᠳᠡᠶᠢᠴᠢᠳ ᠬᠡᠲᠠ ᠴᠠᠬᠢᠭᠤᠷ᠂ ( ᠣᠨᠣᠪᠴᠢ )ᠲᠤᠩᠭᠤᠷᠠᠭ᠂ ᠠᠶᠠᠭ᠎ᠠ᠂ ᠰᠠᠪᠬ᠎ᠠ         ᠶᠢ ᠪᠡᠶ᠎ᠠ ᠳᠡᠭᠡᠨ ᠠᠪᠴᠤ ᠶᠠᠪᠤᠳᠠᠭ᠃       12᠃ ᠴᠠᠬᠢᠷᠮᠠᠭ ᠴᠠᠭᠠᠨ ᠢᠳᠡᠭᠡᠨ ᠨᠢ ᠮᠠᠶᠢᠮᠠᠢ ᠬᠢᠳᠡᠭ ᠦᠭᠡᠢ᠃ ᠴᠠᠬᠢᠷᠮᠠᠭ 60ᠡᠷᠦᠬᠡ ᠪᠠᠷ ᠢᠶᠠᠨ ᠬᠠᠮᠲᠤ ᠴᠠᠭᠠᠨ ᠲᠡᠮᠡᠭᠡᠨ ᠳᠤ ᠪᠠᠨ ᠠᠴᠢᠶ᠎ᠠ ᠪᠠᠨ ᠠᠴᠢᠵᠤ ᠡᠳᠦᠷ ᠲᠤ ᠠᠮᠠᠷᠴᠤ ᠰᠥᠨᠢ ᠪᠠᠷ ᠠᠶᠠᠯᠠᠵᠤ ᠠᠶᠠᠨ ᠤ ᠮᠠᠶᠢᠮᠠᠢ ᠬᠡᠳᠡᠭ ᠭᠡᠵᠤ ᠡᠪᠦᠭᠡ ᠬᠡᠯᠡᠵᠤ ᠪᠠᠶᠢᠭᠰᠠᠨ᠂ᠮᠠᠶᠢᠮᠠᠢ ᠨᠢ ᠴᠠᠭᠠᠨ ᠢᠳᠡᠭᠡᠨ ᠠᠴᠠ ᠪᠣᠰᠤᠳ ᠭᠤᠣᠯᠳᠠᠭᠤ ᠡᠳᠦᠷ ᠲᠤᠲᠤᠮ ᠤᠨ ᠠᠮᠢᠳᠤᠷᠠᠯ ᠤᠨ ᠬᠡᠷᠡᠭᠰᠡᠯ ᠪᠣᠯᠣᠨ ᠪᠠᠭᠠᠵᠢ ᠬᠡᠷᠡᠭᠰᠡᠯ᠂ ᠫᠤᠤ ᠵᠡᠪᠰᠡᠭ᠂ ᠲᠠᠷᠢ ᠰᠣᠮᠤᠨ᠂  ᠠᠮᠢᠳᠤᠷᠠᠯ  ᠤᠨ ᠬᠡᠷᠡᠭᠰᠡᠯ ᠢ ᠮᠥᠰᠦᠨ ᠲᠠᠪᠠᠭ᠎ᠠ ᠪᠠᠷ ᠲᠠᠪᠠᠵᠤ ᠬᠠᠱᠬᠠᠷ᠂ ᠲᠤᠷᠫᠠᠨ ᠠᠴᠠ᠂ ᠫᠤᠤ ᠵᠡᠪᠰᠡᠭ ᠢ ᠣᠷᠣᠰ ᠠᠴᠠ ᠠᠪᠤᠳᠠᠭ‌‍ᠭᠡᠨ᠎ᠠ᠃ ᠮᠥᠰᠦᠨ ᠲᠠᠪᠠᠭ᠎ᠠ ᠪᠠᠷ ᠳᠠᠪᠠᠵᠤ ᠮᠠᠶᠢᠮᠠᠢ ᠬᠢᠬᠦ ᠳᠡᠭᠡᠨ ᠡᠷᠦᠬᠡ ᠪᠠᠷ ᠢᠶᠠᠨ ᠶᠠᠪᠤᠳᠠᠭ ᠤᠤ︖ ᠭᠠᠭᠴᠠ ᠪᠡᠶ᠎ᠠ ᠪᠠᠷ ᠤᠤ︖ ᠡᠰᠡᠬᠦᠯ᠎ᠠ ᠬᠡᠳᠦᠨ ᠬᠦᠮᠦᠨ ᠬᠠᠮᠲᠤ ᠶᠠᠪᠤᠳᠠᠭ ᠤᠤ︖ ᠪᠢ ᠮᠡᠳᠡᠬᠦ ᠦᠭᠡᠢ᠂ ᠰᠣᠷᠴᠤ ᠯᠠᠪᠯᠠᠮᠠᠷ ᠬᠦᠮᠦᠨ ᠣᠳᠤ ᠪᠠᠶᠢᠬᠤ ᠦᠭᠡᠢ᠃ ᠴᠠᠬᠢᠷᠮᠠᠭ ᠤᠨ ᠴᠠᠳᠢᠭ ᠲᠤ ᠪᠢᠴᠢᠭᠰᠡᠨ ᠭᠡᠷᠴᠢ ᠦᠭᠡᠢ᠃        13᠃ ᠴᠠᠬᠢᠷᠮᠠᠭ ᠠᠴᠠ ᠪᠥᠬᠡ ᠭᠠᠷᠳᠠᠭ ᠦᠭᠡᠢ᠃        14᠃ ᠴᠠᠬᠢᠷᠮᠠᠭ ᠡᠴᠠ‌‍ᠴᠡᠴᠡᠨ ᠬᠡᠯᠮᠡᠷᠲᠡᠨ ᠲᠥᠷᠦᠳᠡᠭ᠃         15᠃ ᠴᠠᠬᠢᠷᠮᠠᠭ ᠠᠴᠠ ᠲᠠᠷᠨᠢᠴᠢ —ᠪᠥᠭᠡ ᠭᠠᠷᠳᠠᠭ᠃ ᠴᠠᠭᠴᠠ ᠴᠠᠬᠢᠬᠤ ᠳᠤ ᠬᠡᠯᠡᠬᠦ ᠦᠭᠡ᠂ ᠦᠯᠢᠶᠠᠬᠦ ᠲᠠᠷᠨᠢ ᠪᠠᠶᠢᠨ᠎ᠠ᠃        16᠃ ᠴᠠᠬᠢᠷᠮᠠᠭ ᠮᠠᠯ ᠠᠮᠢᠷᠡᠯᠠᠵᠤ ᠮᠠᠯ ᠤᠨ ᠪᠥᠭᠡᠷ᠎ᠠ ᠵᠢᠷᠦᠬᠡ ᠶᠢ ᠪᠢᠳᠡᠭᠦᠦ ᠴᠠᠨᠠᠵᠤ ᠭᠡᠷ ᠪᠦᠯᠢ ᠪᠠᠷ ᠢᠶᠠᠨ ᠢᠳᠡᠨ᠎ᠠ᠃ ᠮᠠᠯ . ᠤᠨ ᠭᠡᠰᠤ ᠲᠣᠲᠣᠷ᠎ᠠ᠂ ᠲᠣᠯᠣᠭᠠᠢ ᠰᠢᠭᠡᠷ᠎ᠠ ᠶᠢ ᠪᠦᠬᠦᠯᠢ ᠢᠶᠠᠷ ᠴᠠᠨᠠᠵᠤ ᠭᠡᠷ ᠪᠦᠯᠢ ᠪᠠᠷ ᠢᠶᠠᠨ ᠢᠳᠡᠨ᠎ᠠ᠃ ᠪᠣᠰᠤᠳ ᠲᠤ ᠥᠭᠭᠦᠳᠡᠭ ᠶᠣᠰᠤᠨ ᠦᠭᠡᠢ᠃        17᠃ ᠴᠠᠬᠢᠷᠮᠠᠭ ᠤᠨ ᠠᠳᠤᠭᠤᠨ ᠰᠢᠷ᠎ᠠ ᠴᠣᠬᠤᠷ᠃( ᠪᠠᠷ ᠴᠣᠬᠤᠷ᠂ ᠢᠷᠪᠢᠰ ᠴᠣᠬᠤᠷ ᠭᠡᠵᠤ ᠬᠡᠯᠡᠳᠡᠭ ) ᠤᠨᠤᠭ᠎ᠠ ᠬᠦᠯᠦᠭ ᠲᠤ ᠬᠦᠷᠡᠩ᠂ ᠤᠯᠠᠭᠠᠨ ᠵᠡᠭᠡᠷᠳᠠ᠂ ᠬᠢᠯᠢᠩ ᠬᠠᠷ᠎ᠠ᠂ ᠬᠥᠬᠡ ᠪᠣᠷᠤ᠃        18᠃ ᠦᠬᠡᠷ ᠮᠠᠯ ᠳᠤ ᠠᠯᠴᠢᠭᠤᠷ ᠠᠮ ᠲᠠᠢ ᠬᠠᠯᠲᠠᠷ᠂ ᠬᠣ᠋ ᠤᠯᠠᠭᠠᠨ᠃        19᠃ ᠲᠡᠮᠡᠭᠡᠨ᠂ ᠴᠠᠭᠠᠨ ᠵᠢᠰᠦ ᠶᠢᠨ ᠲᠡᠮᠡᠭᠡᠨ᠂ ( ᠴᠠᠭᠠᠠᠨ ᠲᠡᠮᠡᠭᠡᠨ )᠂ ᠶᠠᠮᠠᠨ ᠤ ᠲᠣᠬᠠᠢ ᠪᠠᠷᠢᠮᠲᠠ ᠨᠠᠳᠠ ᠦᠭᠡᠢ᠃        20᠃ ᠡᠪᠦᠭᠡ ᠴᠣᠪᠷᠨ ᠲᠣᠳᠤ ᠦᠰᠦᠭ ᠲᠠᠨᠢᠨ᠎ᠠ᠃ ᠪᠡᠭᠡ ᠠᠮᠪᠠᠨ ᠤ ᠪᠣᠱᠤᠬᠤ ᠶᠠᠪᠤᠭᠰᠠᠨ᠂ ᠪᠡᠭᠡ ᠠᠮᠪᠠᠨ ᠤ ᠠᠴᠢ ᠬᠦᠷᠭᠡᠨ᠂ ᠪᠡᠭᠡ ᠠᠮᠪᠠᠨ ᠤ ᠮᠠᠯ ᠤᠨ ᠲᠤᠭ᠎ᠠ ᠲᠣᠯᠣᠭᠠᠢ ᠪᠦᠷᠢᠳᠬᠡᠳᠡᠭ᠂ ᠪᠣᠰᠣᠳ ᠠᠴᠠ ᠪᠡᠭᠡ ᠠᠮᠪᠠᠨ ᠳᠤ ᠬᠡᠳᠦᠨ ᠠᠳᠣᠭᠤᠨ᠂ ᠬᠡᠳᠦᠨ ᠦᠬᠡᠷ᠂ ᠬᠡᠳᠦᠨ ᠬᠤᠨᠢ᠂᠂᠂᠂ ᠠᠴᠠ ᠨᠢᠭᠡ ᠤᠨᠠᠭ᠎ᠠ ( ᠲᠠᠭ᠎ᠠ ) ᠨᠢᠭᠡ ᠲᠤᠭᠤᠯ ( ᠪᠢᠷᠡᠭᠤ ) ᠬᠤᠷᠭ᠎ᠠ ᠢᠰᠬᠡ᠂᠂᠂᠂ ᠬᠤᠷᠢᠶᠠᠵᠤ ᠥᠭᠭᠦᠳᠡᠭ ᠪᠠᠶᠢᠭᠰᠠᠨ ᠭᠡᠨ᠎ᠠ᠃        ᠪᠣᠱᠤᠬᠤ ᠵᠡᠷᠭᠡ ᠶᠢ ᠪᠡᠭᠡ ᠠᠮᠪᠠᠨ ᠳᠤ ᠠᠳᠣᠭᠤ ᠮᠠᠯ ᠥᠭᠭᠦᠭᠡᠳ ᠬᠤᠳᠠᠯᠳᠤᠵᠤ ᠠᠪᠤᠭᠰᠠᠨ ᠭᠡᠵᠤ ᠨᠠᠳᠠ ᠬᠡᠯᠡᠰᠡᠨ᠃        21᠃ ᠴᠣᠪᠷᠨ ᠪᠣᠱᠣᠬᠤ ᠭᠤᠷᠪᠡᠨ ᠡᠮᠡᠭᠡ ᠠᠪᠤᠭᠰᠠᠨ᠃ ᠭᠤᠷᠪᠠᠨ ᠦᠬᠢᠨ᠂ ᠬᠤᠶᠠᠷ ᠬᠥᠪᠡᠭᠦᠦ ᠲᠠᠢ᠃ ᠪᠠᠭ᠎ᠠ ᠪᠦᠰᠡᠭᠦᠢ ᠶᠢ ᠪᠠᠨ ᠪᠤᠯᠢᠶᠠᠵᠤ ᠠᠪᠤᠭᠰᠠᠨ᠂ ᠪᠠᠭ᠎ᠠ ᠡᠮᠢᠬᠡ ᠶᠢᠨ ᠨᠤᠲᠤᠭ ᠲᠡᠬᠡᠰ ᠤᠨ ᠲᠠᠷᠪᠠᠵᠢ᠂ ᠮᠠᠨᠠᠢ ᠠᠷᠠᠳ ᠤᠨ ᠲᠠᠭᠤᠴᠢᠨ ᠲᠡᠮᠤᠷ ᠴᠣᠷᠭᠤ ᠶᠢᠨ ᠡᠬᠡᠨ ᠭᠡᠳᠡᠭ ᠲᠠᠭᠤᠤ ᠶᠢ ᠲᠠᠭᠤᠯᠤᠭᠰᠠᠨ ᠲᠠᠭᠤᠴᠢᠨ ᠪᠠᠲᠢᠱ ( ᠵᠢᠩᠬᠢᠨᠢ ᠨᠡᠷ᠎ᠠ  ᠨᠢ ᠪᠠᠲᠤᠨᠠᠰᠤᠨ᠂ ᠬᠥᠬᠡᠬᠤᠲᠠ ᠤᠨ ᠲᠠᠭᠤᠤ ᠬᠥᠭᠵᠢᠮ ᠤᠨ ᠰᠤᠷᠭᠠᠭᠤᠯᠢ ᠠᠴᠠ ᠲᠡᠭᠦᠰᠬᠡᠭᠰᠡᠨ᠃ ᠪᠠᠲᠤᠨᠠᠰᠤᠨ ᠤ ᠡᠮᠡᠭᠡᠨ ᠮᠥᠡᠭᠭᠦᠨ ᠪᠠᠭ᠎ᠠ ᠡᠮᠡᠭᠡ ᠶᠢᠨ ᠭᠠᠭᠴᠠ ᠲᠡᠭᠦᠦ ᠶᠢᠨ ᠭᠠᠭᠴᠠ ᠦᠬᠢᠨ )᠃ ᠠᠪᠠᠯᠢ ᠨᠢ ᠬᠤᠰᠤᠮᠲᠤ ᠬᠠᠷ᠎ᠠ —ᠤᠰᠤᠨ ᠨᠤᠲᠤᠭ ᠲᠠᠢ᠃        22᠃ 1949ᠣᠨ( ᠨᠠᠮᠤᠷ︖) ᠭᠥᠮᠢᠨᠳᠠᠩ ᠶᠢᠨ ᠦᠯᠳᠡᠭᠳᠡᠯ ᠴᠡᠷᠢᠭ ᠢ ᠭᠤᠷᠪᠠᠨ ᠠᠶᠢᠮᠠᠭ ᠤᠨ       ᠬᠤᠪᠢᠰᠬᠠᠯ ᠤᠨ ᠴᠡᠷᠢᠭ ᠬᠥᠭᠡᠭᠡᠵᠤ ᠱᠠᠲᠤ ᠶᠢᠨ᠂᠂᠂᠂᠂ ᠵᠠᠮ ᠵᠠᠭᠤᠷ᠎ᠠ ᠴᠣᠪᠷᠨ ᠶᠢᠨ ᠳ᠋ᠸᠡᠭ ᠳᠤ ᠢᠷᠡᠬᠦ ᠳᠤ ᠴᠣᠪᠷᠨ ᠭᠤᠷᠪᠠᠨ ᠠᠶᠢᠮᠠᠭ ᠤᠨ ᠭᠤᠷᠪᠠᠨ ᠵᠠᠭᠤᠨ ᠮᠣᠷᠢᠲᠤ ᠴᠡᠷᠢᠭ ᠲᠤ ᠨᠢᠭᠡ ᠤᠳᠠᠭ᠎ᠠ ᠬᠤᠭᠤᠯᠨ ᠶᠢ ᠪᠡᠯᠡᠳᠬᠡᠵᠤ ᠥᠭᠭᠦᠭᠰᠡᠨ᠂ ᠲᠣᠰ ᠭᠤᠷᠪᠠᠨ ᠵᠠᠭᠤᠨ ᠮᠣᠷᠢᠲᠤ ᠴᠡᠷᠢᠭ ᠤᠨ ᠵᠠᠮᠴᠢᠨ ᠴᠠᠭᠠᠨ ᠤᠰᠤᠨ ᠤ ᠮᠠᠯᠴᠢᠨ ᠭᠤᠤᠵᠠᠢ ᠶᠢᠨ ᠲᠡᠭᠦᠦ ᠠᠭᠠᠵᠨ( ᠠᠭᠠᠵᠠᠢ︖ ) ( ᠭᠡᠷᠴᠢ ᠪᠠᠶᠢᠨ᠎ᠠ )       23᠃ 1949ᠣᠨ ( 1950ᠣᠨ︖ ) ᠳᠤ ᠴᠣᠪᠷᠨ ᠰᠢᠶᠠᠨ ᠤ ᠠᠶᠢᠪᠠᠢ ᠭᠡᠳᠡᠭ ᠰᠢᠶᠠᠨᠵᠢᠠᠩ ᠳᠤ       ᠬᠤᠶᠠᠷ ᠮᠠᠸᠡᠦᠽᠤᠷ ( ᠰᠤᠮᠤ᠂ ᠲᠠᠷᠢ᠂ ᠠᠯᠲᠠᠨ ᠶᠥᠮᠪᠦ᠂᠂᠂᠂᠂ ) ᠲᠤᠰᠢᠶᠠᠵᠤ ᠥᠭᠭᠦᠯ᠎ᠠ ᠭᠡᠵᠤ 1961ᠣᠨ ᠳᠤ ᠴᠣᠪᠷᠨ ᠶᠢᠨ ᠪᠢᠮᠪᠠ ᠲᠣᠰᠤᠨ ᠪᠢᠷ ᠢᠶᠠᠷ ᠪᠢᠴᠢᠭᠰᠡᠨ ᠲᠠᠮᠳᠡᠭᠯᠡᠯ ᠨᠠᠳᠠ ᠪᠠᠶᠢᠨ᠎ᠠ᠃          24᠃᠂᠂᠂᠂ ᠬᠦᠨᠳᠤ ᠭᠠᠷᠲᠤ ᠰᠠᠪᠠᠷ᠂᠂᠂᠂᠂ ᠲᠠᠰ —ᠴᠠᠬᠢᠭᠤᠷ —ᠳ᠋ᠤᠯᠳᠤᠢ —ᠺᠤᠨ᠎ᠠ —ᠱᠣᠯᠬᠠᠢ ( ᠰᠢᠯᠤᠬᠠᠢ ᠨᠢ ᠵᠥᠪ᠂ ᠠᠷᠢᠶᠠᠲᠠᠨ ᠤ ᠨᠡᠷ᠎ᠠ ) ᠴᠣᠪᠷᠨ —ᠪᠢᠮᠪᠠ —ᠪᠠᠶᠠᠨᠲᠥᠬᠤᠢ —ᠮᠤᠬᠤᠯᠠᠢ ——   25᠃ ᠦᠶ᠎ᠠ ᠲᠣᠭᠠᠯᠠᠬᠤ ᠳᠤ ᠪᠡᠶ᠎ᠠ ᠠᠴᠠ ᠪᠠᠨ ᠳᠡᠭᠡᠭᠢ 7—9—13—15—17—21᠂᠂᠂᠂᠂ ᠦᠶ᠎ᠠ  ᠪᠠᠷ ᠲᠣᠭᠠᠯᠠᠬᠤ ᠦᠶᠡᠯᠡᠯ ᠤᠨ ᠵᠠᠷᠴᠢᠮ ᠲᠠᠢ ᠪᠠᠶᠢᠳᠠᠭ᠃᠂᠂᠂᠂    26᠃ ᠮᠢᠨᠦ ᠡᠪᠦᠭᠡ ᠴᠣᠪᠷᠨ 1901ᠣᠨ ( 1903ᠣᠨ︖ ) ᠳᠤ ᠴᠠᠬᠢᠭᠤᠷᠲᠤ ᠶᠢᠨ ᠬᠤᠨᠭ᠍ᠭᠤᠷ ᠪᠣᠯᠠᠭ  ᠲᠤ ᠲᠦᠷᠦᠭᠰᠡᠨ ᠭᠡᠳᠡᠭ᠂ 1978ᠣᠨ ᠤ ᠵᠤᠨ ᠴᠠᠭᠠᠨ ᠤᠰᠤᠨ ᠳᠤ ᠤᠤᠭᠠᠨ ᠬᠥᠪᠡᠭᠦᠨ ᠪᠢᠮᠪᠠ ᠶᠢᠨ ᠭᠠᠷ ᠳᠡᠭᠡᠷ᠎ᠠ ᠪᠤᠷᠬᠠᠨ ᠪᠣᠯᠤᠭᠰᠠᠨ᠃ 21ᠨᠠᠰᠤᠨ ᠳᠠᠭᠠᠨ ᠡᠴᠢᠬᠡ ᠶᠢᠨ ᠢᠶᠠᠨ ᠳ᠋ᠸᠡᠭ ᠢ ᠬᠦᠯᠢᠶᠠᠵᠤ ᠠᠪᠤᠭᠰᠠᠨ ᠭᠡᠳᠡᠭ᠂ ᠣᠳᠣ ᠶᠢᠨ ᠴᠠᠭᠠᠨ ᠤᠰᠤᠨ ᠤ ᠬᠠᠷᠢᠶᠠᠨ ᠤ ᠭᠠᠵᠠᠷ ᠲᠤ ( ᠤᠯᠠᠭᠠᠨ ᠲᠤᠭ ᠲᠠᠯᠠᠪᠠᠢ ᠶᠢᠨ ᠡᠮᠦᠨ᠎ᠡ ᠪᠡᠶ᠎ᠠ ᠳᠤ ) ᠪᠠᠶᠢᠬᠤ ᠴᠣᠪᠷᠨ ᠤᠨ ᠳ᠋ᠸᠡᠭ᠃ ᠤᠭ ᠨᠡᠷ᠎ᠠ ᠨᠢ ᠱᠣᠯᠬᠠᠢ ᠶᠢᠨ ᠳ᠋ᠸᠡᠭ ᠭᠡᠳᠡᠭ ᠭᠡᠵᠤ ᠡᠨ᠋ᠨ ᠵᠢᠯ  86—ᠥᠨᠳᠦᠷ ᠨᠠᠰᠤ ᠲᠠᠢ ᠪᠥᠵᠢᠭ ᠤᠨ ᠣᠴᠢᠷ ᠨᠠᠳᠠ ᠬᠡᠯᠡᠭᠰᠡᠨ᠂ ᠪᠥᠵᠢᠭ ᠤᠨ ᠤᠴᠢᠷ ᠮᠢᠨᠦ ᠡᠬᠡ ᠶᠢᠨ ᠠᠪᠤᠭᠠᠢ ᠠᠬ᠎ᠠ ᠪᠤᠯᠤᠨ᠎ᠠ᠃ ᠨᠣᠣᠰᠠᠢ ᠬᠠᠪᠤᠡᠭ ᠶᠢᠨ ᠠᠴᠢ᠂ ᠮᠢᠨᠦ ᠡᠬᠡ ᠨᠣᠣᠰᠠᠢ ᠬᠠᠪᠤᠡᠭ ᠤᠨ ᠤᠵᠢᠭᠠᠢ ᠶᠢᠨ ᠦᠬᠢᠨ ᠪᠤᠳᠠᠯᠢᠭ᠃ ( ᠪᠤᠳᠠᠯᠢᠭ ᠭᠡᠳᠡᠭ ᠨᠢᠭᠡ ᠵᠤᠶᠢᠯ ᠤᠨ ᠮᠣᠳᠣᠯᠢᠭ ᠤᠷᠭᠤᠮᠠᠯ ᠤᠨ ᠨᠡᠷ᠎ᠠ )      26᠃ ᠴᠠᠬᠢᠷᠮᠠᠭ ᠴᠠᠭᠠᠨ ᠶᠠᠰᠤᠲᠠᠨ ᠪᠣᠯᠤᠭᠰᠠᠨ ᠤ ᠲᠣᠮᠤᠭ        ᠯᠤᠤ ᠬᠠᠭᠠᠨ ( ᠯᠤᠤᠰᠲᠤ ᠬᠠᠭᠠᠨ ᠭᠡᠵᠤ ᠪᠠᠰᠨ ᠬᠡᠯᠡᠳᠡᠭ )ᠲᠡᠭᠷᠢ ᠠᠴᠠ ᠪᠠᠭᠤᠵᠤ ᠳᠡᠭᠡᠨ ᠨᠢᠰᠡᠵᠤ ᠶᠠᠪᠤᠬᠤ ᠭᠡᠬᠦ ᠳᠤ ᠡᠭᠦᠯᠡᠨ ᠠᠷᠢᠯᠠᠭᠠᠳ ᠨᠢᠰᠡᠬᠦ ᠳᠤ ᠪᠡᠷᠬᠡᠳᠡᠵᠤ ᠪᠠᠶᠢᠬᠤ ᠳᠤ ᠴᠠᠬᠢᠷᠮᠠᠭ ᠤᠨ ᠶᠡᠭᠡ ᠡᠪᠦᠭᠡ ᠪᠠᠷᠠᠭᠤᠨ ᠲᠠᠯᠤ ᠪᠠᠷ ᠢᠶᠠᠨ ᠳᠥᠡᠭᠨᠡᠭᠡᠵᠤ ᠲᠦᠰᠢᠭᠰᠡᠨ ᠳᠤ ᠯᠤᠤ ᠬᠠᠭᠠᠨ ᠨᠢᠰᠡᠵᠤ ᠶᠠᠪᠤᠵᠠᠢ᠃ ᠯᠤᠤ ᠬᠠᠭᠠᠨ ᠨᠢᠰᠡᠬᠦ ᠶᠢᠨ ᠢᠶᠠᠨ ᠡᠮᠦᠨᠡᠬᠡᠨ ᠴᠠᠬᠢᠷᠮᠠᠭ ᠤᠨ ᠴᠠᠭᠠᠨ ᠶᠠᠰᠤᠲᠠᠨ ᠪᠣᠯ᠂ ᠴᠠᠬᠢᠯᠭᠠᠨ ᠳᠠᠭᠠᠨ ᠠᠯᠠᠬᠠᠢ ᠦᠭᠡᠢ ᠪᠣᠯ ᠭᠡᠵᠤ ᠢᠷᠦᠭᠡᠯ ᠲᠠᠪᠢᠭᠰᠠᠨ ᠭᠡᠵᠤ ᠡᠪᠦᠭᠡ ᠬᠡᠯᠡᠳᠡᠭ᠃       27᠃ ᠮᠠᠨ᠎ᠠ ᠠᠳᠡᠬᠢ ᠶᠢᠨ ᠴᠠᠬᠢᠷᠮᠠᠭ ᠲᠣᠯᠣᠭᠠᠨ ᠪᠣᠯᠠᠭ ᠤᠨ ᠣᠪᠣᠭ᠎ᠠ ᠶᠢ ᠲᠠᠬᠢᠵᠤ ᠰᠢᠳᠦᠳᠡᠭ(ᠤᠷᠳᠠ ᠪᠣᠷᠣᠲᠣᠯᠣᠭᠠᠢ ᠶᠢ ᠲᠠᠬᠢᠵᠤ ᠪᠠᠶᠢᠭᠰᠠᠨ ᠭᠡᠵᠤ ᠬᠡᠯᠡᠳᠡᠭ ᠪᠠᠶᠢᠭᠰᠠᠨ᠂ ᠬᠡᠵᠢᠶ᠎ᠠ ᠠᠴᠠ ᠡᠬᠡᠨᠯᠵᠤ ᠲᠣᠯᠣᠭᠠᠨ ᠪᠣᠯᠠᠭ  ᠤᠨ ᠣᠪᠣᠭ᠎ᠠ ᠶᠢ ᠲᠠᠬᠢᠬᠤ ᠪᠣᠯᠣᠭᠰᠠᠨ ᠶᠢ ᠪᠢ ᠮᠡᠳᠡᠬᠦ ᠦᠭᠡᠢ᠃ ᠪᠣᠷᠣᠲᠣᠯᠣᠭᠠᠢ ᠶᠢ ᠴᠢᠩᠭᠢᠰ ᠤᠨ ᠲᠦᠰᠢᠯᠭᠡ ᠭᠡᠵᠤ ᠮᠢᠨᠦ ᠡᠪᠦᠭᠡ ᠬᠡᠯᠵᠤ ᠪᠢᠯᠨ᠃ ( ᠤᠶᠢᠭᠤᠷ ᠬᠡᠯᠡᠨ ᠤ ᠮᠠᠲ᠋ᠧᠷᠶᠡᠶᠠᠯ ᠳᠤ ᠴᠢᠩᠭᠢᠰ ᠬᠠᠭᠠᠨ ᠨᠠᠷᠠᠲᠤ ᠪᠠᠷ ᠲᠠᠪᠠᠵᠤ ᠢᠷᠡᠬᠦ ᠳᠤ ᠪᠠᠨ ᠪᠣᠷᠣᠲᠣᠯᠣᠭᠠᠢ ᠳᠤ ᠬᠤᠨᠣᠭᠰᠠᠨ ᠭᠡᠵᠤ ᠪᠢᠴᠢᠵᠤ ᠪᠠᠶᠢᠨ᠎ᠠ᠃᠂᠂᠂᠂ )      ᠂᠂᠂᠂ ᠴᠠᠬᠢᠷᠮᠠᠭ ᠤᠨ ᠣᠳᠤ ᠪᠠᠶᠢᠭ᠎ᠠ ᠡᠷᠦᠬᠡ ᠪᠦᠷᠢ ᠥᠪᠡᠷ ᠤᠨ ᠢᠶᠠᠨ ᠭᠡᠷ ᠤᠨ ᠲᠡᠦᠬᠡ ᠶᠢ ᠪᠢᠴᠢᠵᠤ ᠪᠡᠯᠡᠳᠬᠢ᠃ ᠬᠤᠷᠶᠠᠩᠭᠤᠯᠠᠭᠠᠳ ᠬᠠᠭᠤᠴᠢᠨ ᠴᠠᠳᠢᠭ ᠲᠤ ᠨᠡᠮᠡᠵᠤ ᠲᠢᠭᠯᠡᠵᠤ ᠪᠠᠶᠠᠰᠬᠠᠶ᠎ᠠ︕ ᠳᠡᠭᠡᠳᠦᠰ ᠤᠨ ᠢᠷᠦᠭᠡᠯ ᠳᠤ ᠵᠠᠯᠪᠢᠷᠵᠤ ᠪᠢᠳᠡᠨ ᠤ ᠴᠢᠷᠮᠠᠶᠢᠯᠲᠠ ᠪᠠᠷ ᠴᠠᠬᠢᠷᠮᠠᠭ ᠤᠨ ᠭᠠᠯ ᠭᠤᠯᠤᠮᠲᠠ ᠪᠠᠲᠠᠷᠠᠨ ᠬᠥᠭᠵᠢᠲᠦᠭᠡᠢ︕        
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号