ᠠᠬ᠎ᠠ ᠮᠢᠨᠢ ᠲᠠ
ᠨᠡᠶᠢᠲᠡᠯᠡᠭᠰᠡᠨ ᠴᠠᠭ᠄
2023/10/10
      ᠪᠣᠷᠤᠭ᠎ᠠ ᠱᠠᠭᠢᠭᠰᠠᠨ ᠥᠷᠯᠦᠭᠡ ᠮᠣᠷᠢ ᠲᠠᠢ ᠢᠷᠡᠭᠰᠡᠨ ᠠᠬ᠎ᠠ ᠮᠢᠨᠢ ᠲᠠ        ᠪᠤᠷᠣ ᠦᠨᠳᠦᠷ ᠤᠨ ᠴᠢᠭᠢᠭ ᠠᠴᠠ ᠬᠡᠰᠢᠭ ᠢ ᠨᠢ ᠠᠪᠴᠢᠷᠠᠭᠰᠠᠨ ᠲᠠ        ᠬᠤᠷᠮᠣᠢ ᠨᠣᠷᠭᠠᠭᠰᠠᠨ ᠵᠦᠯᠭᠡ ᠪᠠᠷ ᠰᠠᠶ᠋ᠢᠬᠠᠨ ᠥᠩᠭᠡᠷᠡᠭᠰᠡᠨ ᠲᠠ        ᠬᠤᠨᠢᠴᠢᠨ ᠪᠦᠰᠡᠬᠦᠢ ᠶᠢᠨ ᠰᠡᠳᠭᠢᠯ ᠳᠤ ᠨᠢ ᠰᠢᠩᠭᠡᠵᠦ ᠦᠯᠡᠳᠡᠭᠰᠡᠨ ᠲᠠ            ᠰᠠᠶ᠋ᠢᠬᠠᠨ ᠥᠩᠭᠡᠷᠡᠭᠰᠡᠨ ᠮᠦᠷ ᠲᠡᠭᠡᠷ᠎ᠡ ᠴᠢᠨᠢ             ᠰᠠᠷᠠᠨ ᠴᠡᠴᠡᠭᠡᠰ ᠲᠡᠯᠭᠡᠷᠡᠭᠡᠳ ᠪᠠᠶᠢᠨ᠎ᠠ             ᠰᠠᠨᠠᠭᠠᠨ ᠠᠴᠠ ᠭᠠᠷᠳᠠᠭ ᠦᠭᠡᠢ ᠴᠢᠮ᠎ᠠ ᠶᠢ ᠮᠢᠨᠢ             ᠰᠠᠯᠬᠢ ᠨᠢ ᠬᠦᠷᠳᠡᠯ᠎ᠡ ᠢᠯᠪᠢᠭᠡᠳ ᠪᠠᠶᠢᠨ᠎ᠠ       ᠣᠷᠤᠭ᠎ᠠ ᠮᠣᠷᠢᠨ ᠤ ᠵᠣ ᠲᠡᠭᠡᠷ᠎ᠡ ᠰᠠᠭᠠᠳᠠᠭᠰᠠᠨ ᠠᠬ᠎ᠠ ᠮᠢᠨᠢ ᠲᠠ        ᠣᠪᠤᠭ᠎ᠠ ᠬᠤᠷᠠᠬᠤ ᠪᠠᠨ ᠬᠦᠭᠡᠷᠦᠭᠦᠢ ᠪᠠᠶᠢᠨ ᠪᠠᠶᠢᠨ ᠡᠷᠭᠢᠭᠰᠡᠨ ᠨᠢ ᠲᠠ        ᠪᠦᠪᠡᠢ ᠶᠢᠨ ᠲᠠᠭᠤᠤ ᠲᠠᠢ ᠨᠤᠳᠤᠭ ᠢᠶᠠᠨ ᠰᠠᠨᠠᠵᠤ ᠮᠡᠭᠰᠢᠭᠰᠡᠨ ᠲᠠ        ᠪᠦᠬᠦᠳᠡ ᠶᠢᠨ ᠬᠠᠶᠢᠷᠠᠲᠠᠢ ᠦᠯᠦᠭᠡᠢ ᠪᠠᠨ ᠮᠠᠨᠠᠵᠤ ᠤᠶᠠᠷᠠᠭᠰᠠᠨ ᠲᠠ            ᠲᠦᠳᠡᠭ ᠭᠠᠯ ᠢᠶᠠᠨ ᠠᠰᠠᠭᠠᠭᠰᠠᠨ ᠠᠨᠳᠠᠢ ᠪᠦᠵᠢᠭᠲᠦ ᠲᠠ        ᠲᠥᠯᠭᠡᠨ ᠪᠦᠷᠢᠳᠦ ᠠᠴᠠ ᠨᠢᠰᠦᠭᠰᠡᠨ ᠠᠩᠭᠢᠷ ᠰᠢᠪᠠᠭᠤ ᠨᠢ ᠲᠠ       ᠴᠠᠢ ᠪᠠᠨ ᠤᠤᠭᠤᠭᠠᠳ ᠢᠨᠢᠶᠡᠭᠰᠡᠨ ᠠᠶᠠᠭ᠎ᠠ ᠨᠢ ᠬᠠᠯᠠᠭᠤᠨ ᠢᠶᠠᠷ ᠢᠶᠠᠨ        ᠴᠠᠮᠴᠠ ᠪᠠᠨ ᠤᠷᠭᠢᠭᠠᠳ ᠮᠤᠷᠳᠠᠭᠰᠠᠨ ᠤᠷᠣ ᠨᠢ ᠪᠦᠯᠢᠶᠠᠨ ᠢᠶᠠᠷ ᠢᠶᠠᠨ    
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号