ᠮᠣᠳᠣᠨ ᠮᠣᠷᠢ
ᠨᠡᠶᠢᠲᠡᠯᠡᠭᠰᠡᠨ ᠴᠠᠭ᠄
2023/10/18
     ᠬᠤᠶᠠᠷ ᠭᠡᠤᠭᠡᠳ ᠲᠠᠢ ᠨᠢᠬᠡᠨ ᠬᠡᠷ ᠪᠦᠯᠢ ᠪᠠᠶᠢᠵᠠᠢ᠃ ᠲᠡᠳᠡ ᠭᠡᠷ ᠪᠦᠯᠢ ᠪᠠᠷ ᠢᠶᠠᠨ ᠰᠠᠯᠬᠢᠨ ᠳᠤ ᠭᠠᠷᠴᠣ ᠵᠤᠭᠠᠯᠠᠬᠤ ᠪᠠᠷ ᠪᠣᠯᠪᠠ᠃ ᠨᠢᠬᠡᠨ ᠦᠵᠡᠰᠭᠦᠯᠡᠩᠳᠣ ᠭᠠᠵᠠᠷ ᠬᠦᠷᠦᠬᠡᠳ ᠡᠵᠢ ᠨᠢ ᠬᠤᠭᠤᠯᠠ ᠪᠣᠳᠠᠭ᠎ᠠ ᠪᠠᠨ ᠪᠡᠯᠡᠳᠭᠡᠵᠦ ᠪᠠᠶᠢᠬᠤ ᠵᠠᠭᠤᠷ᠎ᠠ ᠭᠡᠤᠭᠡᠳ ᠤᠳ ᠠᠪᠤ ᠲᠠᠢ ᠪᠠᠨ ᠣᠷᠴᠢᠨ ᠳᠣᠭᠤᠷᠢᠨ ᠲᠠᠢ ᠪᠠᠨ ᠲᠠᠨᠢᠯᠴᠠᠬᠤ ᠪᠠᠷ ᠶᠠᠪᠣᠵᠠᠢ᠃ ᠲᠠᠳᠡ ᠮᠠᠰᠢ‌ᠤᠳᠠᠭᠠᠨ ᠠᠯᠬᠤᠭᠰᠠᠨ ᠲᠣᠯᠠ‌‍ᠪᠠᠭ᠎ᠠ ᠬᠡᠤᠭᠡᠳ ᠨᠢ ᠶᠠᠳᠠᠷᠠᠵᠦ ᠥᠷᠥᠪᠳᠣᠯ ᠲᠠᠢ ᠬᠠᠷᠠᠴᠠ  ᠪᠠᠷ ᠠᠪᠤ ᠢ ᠪᠠᠨ ᠬᠠᠷᠠᠵᠦ 《 ᠠᠪᠤ ᠡ᠂ ᠪᠢ ᠶᠠᠳᠠᠷᠠᠯ᠎ᠠ᠂ ᠨᠠᠮᠠᠢᠢ ᠲᠡᠪᠡᠷᠢᠬᠡᠴᠢ᠃ 》ᠬᠡᠬᠦ ᠳᠤ ᠠᠪᠤ ᠨᠢ ᠨᠢᠬᠡ ᠦᠬᠡ ᠴᠣ᠋ ᠳᠣᠣᠭᠠᠷᠣᠯ ᠦᠬᠡᠢ ᠪᠠᠷ ᠮᠣᠳᠣᠨ ᠠᠴᠠ ᠨᠢᠬᠡ ᠮᠥᠴᠢᠷ ᠲᠠᠰᠣᠯᠣᠭᠠᠳ ᠳᠡᠭᠦᠨ ᠢᠶᠠᠨ ᠬᠢᠳᠤᠭ᠎ᠠ ᠪᠠᠷ ᠨᠢᠮᠪᠠᠢ ᠭᠡᠭᠴᠢ ᠶᠠᠩᠵᠣᠯᠠᠭᠠᠳ ᠭᠡᠤᠭᠡᠳ ᠤᠳ ᠲᠤ ᠪᠠᠨ ᠦᠭᠴᠤ 《 ᠡᠬᠦᠨ ᠢ ᠠᠪ᠂ ᠴᠢᠮ᠎ᠠ ᠳᠤ ᠰᠠᠶᠢᠬᠠᠨ ᠮᠣᠷᠢ ᠪᠡᠯᠡᠳᠭᠡᠵᠦ ᠦᠭᠬᠦᠯ᠎ᠡ᠃ 》 ᠬᠡᠵᠦ ᠬᠡᠯᠡᠪᠡ᠃ ᠬᠦᠦ ᠨᠢ ᠪᠠᠶᠠᠷᠳᠠᠢ ᠪᠠᠷ ᠮᠣᠷᠢ ᠪᠠᠨ ᠣᠨᠣᠭᠠᠳ ᠡᠵᠢ ᠣᠷᠣᠭᠤ  ᠪᠠᠨ ᠬᠦᠶᠦᠯ᠎ᠠ᠃ ᠠᠪᠤ ᠡᠬᠡᠴᠢ ᠬᠤᠶᠠᠷ ᠪᠠᠨ ᠬᠤᠯᠠ ᠬᠠᠶᠠᠭᠰᠠᠨ ᠪᠠᠶᠢᠯ᠎ᠠ᠃ ᠠᠪᠤ ᠨᠢ ᠦᠬᠢᠨ ᠣᠷᠣᠭᠤ ᠪᠠᠨ ᠬᠠᠷᠠᠵᠦ ᠢᠨᠢᠶᠡᠬᠡᠳ《 ᠦᠬᠢᠨ ᠮᠢᠨᠢ ᠡᠨᠡ ᠠᠮᠢᠳᠣᠷᠠᠯ ᠰᠢᠦ ᠳ᠋ᠠ᠃ ᠬᠦᠮᠦᠰ ᠵᠠᠷᠢᠮ ᠳᠠᠭᠠᠨ ᠰᠠᠳᠬᠢᠯ ᠰᠠᠨᠠᠭ᠎ᠠ ᠪᠠᠷ ᠶᠠᠳᠠᠷᠠᠳᠠᠭ᠂ ᠵᠠᠷᠢᠮ ᠳᠠᠭᠠᠨ ᠪᠡᠶ᠎ᠡ ᠪᠠᠷ ᠢᠶᠠᠨ ᠶᠠᠳᠠᠷᠠᠳᠠᠭ᠃ ᠲᠡᠷᠡ ᠦᠶ᠎ᠡ ᠳᠤ ᠦᠪᠡᠷ ᠲᠤ  ᠴᠢᠨᠢ ᠳᠦᠰᠢᠭ ᠪᠣᠯᠬᠤ ᠨᠢᠬᠡ ᠮᠣᠷᠢ ᠣᠯᠵᠦ ᠠᠪᠣᠭᠠᠳ ᠳᠡᠭᠦᠨ ᠠᠴᠠ ᠪᠠᠨ ᠡᠷᠴᠢ ᠬᠦᠴᠦ ᠰᠡᠯᠪᠢᠵᠦ ᠠᠮᠢᠳᠣᠭᠠᠷᠠᠢ᠃ ᠡᠨᠡ ᠠᠮᠢᠳᠣᠷᠠᠯ ᠳᠤ ᠲᠦᠰᠢᠭ ᠪᠣᠯᠬᠤ ᠲᠡᠷᠡ ᠮᠣᠷᠢ ᠴᠢᠨᠦ ᠳᠣᠳᠣᠨᠣ ᠶᠢᠨ ᠰᠠᠶᠢᠨ ᠨᠠᠶᠢᠵᠠ ᠨᠦᠬᠦᠷ ᠴᠢᠨᠢ᠃ ᠡᠰᠡᠪᠠᠯ ᠨᠢᠬᠡ ᠰᠠᠶᠢᠬᠠᠨ ᠰᠢᠯᠦᠭ᠂ ᠳᠠᠭᠤᠣ᠂ ᠨᠣᠮ᠂ ᠪᠦᠷ ᠬᠡᠣᠭᠡᠳ ᠤᠨ ᠢᠨᠢᠶᠡᠮᠰᠣᠭ᠍ᠯᠠᠯ ᠴᠣ᠋ ᠪᠠᠶᠢᠵᠦ ᠪᠣᠯᠤᠨ᠎ᠠ ᠰᠢᠤ 》ᠬᠡᠪᠡ᠃  
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号