ᠨᠢᠳᠦ
ᠨᠡᠶᠢᠲᠡᠯᠡᠭᠰᠡᠨ ᠴᠠᠭ᠄
2023/12/28
      ᠡᠭᠡ ᠠᠴᠠ ᠭᠦ᠋ ᠲᠠᠰᠤᠷᠠᠵᠤ ᠤᠨᠠᠬᠤ ᠳᠤ       ᠡᠵᠢ ᠲᠠᠢ ᠮᠢᠨᠢ ᠢᠵᠢᠯᠢᠰᠢᠭᠦᠯᠦᠭᠰᠡᠨ ᠬᠠᠷᠠᠭ᠎ᠠ        ᠭᠦᠯ ᠳᠤ ᠤᠷᠤᠨ ᠠᠯᠬᠤᠵᠤ ᠡᠭᠢᠯᠡᠭᠦ ᠦᠶ᠎ᠡ ᠳᠤ        ᠭᠦᠮᠦᠨ ᠤ ᠬᠤᠷᠸ᠎ᠠ ᠶᠢ ᠲᠠᠨᠢᠭᠤᠯᠤᠭᠰᠠᠨ ᠮᠡᠯᠮᠡᠢ         ᠤᠬᠠᠭᠠᠨ ᠰᠠᠭᠤᠵᠤ ᠪᠦᠢᠵᠢᠬᠤ ᠴᠠᠭ ᠲᠤ        ᠤᠶᠤᠨ ᠲᠡᠯᠡᠭᠦᠯᠵᠤ ᠪᠢᠴᠢᠭ ᠦᠵᠡᠭᠦᠯᠦᠭᠰᠡᠨ ᠨᠢᠳᠦ        ᠤᠰᠤ ᠭᠠᠳᠤᠯᠠᠵᠤ ᠭᠦᠯ ᠭᠦᠯᠳᠡᠭᠦ ᠮᠦᠴᠡ ᠳᠤ        ᠤᠷᠴᠢᠯ ᠬᠤᠪᠢᠷᠠᠯ ᠢ ᠮᠡᠳᠡᠷᠡᠭᠦᠯᠦᠭᠰᠡᠨ ᠬᠠᠷᠠᠭ᠎ᠠ         ᠨᠢᠭᠡ ᠨᠠᠰᠤᠨ ᠳᠤ ᠮᠢᠨᠢ ᠵᠠᠮ ᠪᠤᠯᠤᠭᠰᠠᠨ ᠨᠢᠳᠦ        ᠰᠡᠳᠭᠢᠯ ᠤᠨ ᠲᠠᠪᠠᠯᠭᠠᠨ ᠤ ᠮᠢᠨᠢ ᠢᠯᠡᠷᠡᠭᠦᠯᠦᠯ ᠪᠢᠯᠡ        ᠰᠠᠶᠢᠨ ᠪᠠ ᠮᠠᠭᠤ ᠢ ᠨᠡᠪᠳᠡ ᠰᠢᠯᠭᠠᠷᠠᠭᠤᠯᠵᠤ ᠦᠭᠳᠡᠭ        ᠰᠠᠷ᠎ᠠ ᠵᠢᠯ ᠢ ᠠᠮᠢᠳᠤᠷᠠᠯ ᠢᠶᠠᠷ ᠲᠠᠪᠳᠠᠭᠤᠯᠤᠭᠴᠢ ᠪᠢᠯᠡ                                           
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号