ᠡᠨᠡ ᠴᠠᠬᠢᠮ ᠴᠢᠮᠡᠭᠡ ᠱᠠᠯ ᠬᠤᠳᠠᠯ᠂ ᠪᠢᠳᠡᠬᠡᠢ ᠢᠳᠡᠭᠡ︕ | ᠵᠠᠷᠢᠮ ᠬᠦᠮᠤᠰ ᠤᠶᠢᠷ᠎ᠠ ᠳᠤ᠂ ︽ᠲᠠᠨ ᠤ ᠨᠡᠷ᠎ᠡ ᠳᠡᠭᠡᠷᠡᠬᠢ ᠡᠮᠨᠡᠯᠭᠡ ᠶᠢᠨ ᠳᠠᠭᠠᠳᠬᠠᠯ ᠴᠢᠨᠢ | ᠨᠢᠭᠡᠨᠲᠡᠵᠤᠭᠰᠤᠪᠠ᠂ ××× ᠳᠤ ᠤᠷᠤᠵᠦ ᠡᠯᠧᠺᠲᠷᠤᠨ ᠪᠠᠷ ︵ᠬᠡᠪᠯᠡᠯ︶ ᠭᠤᠶᠤᠴᠢᠯᠠᠨ ᠰᠤᠯᠢᠵᠦ | ᠬᠡᠷᠡᠭᠯᠡᠭᠡᠷᠡᠢ︾ ᠁ ᠬᠡᠬᠦ ᠮᠡᠳᠤᠰ ᠤᠨᠴᠠᠬᠢᠮ ᠴᠢᠮᠡᠭᠡ ᠲᠤᠰᠳᠠᠭ ᠪᠤᠯᠪᠠ᠂ ᠲᠤᠪᠴᠢᠳᠠᠵᠦ ᠤᠷᠤᠭᠰᠠᠨ ᠤ | ᠰᠡᠭᠦᠯᠡᠷ᠂ ᠢᠯᠡᠷᠡᠵᠦ ᠭᠠᠷᠤᠭᠰᠠᠨ ᠨᠢᠭᠤᠷ ᠨᠢ ᠠᠯᠪᠠᠨ ᠰᠦᠯᠵᠢᠶᠡᠨ ᠤ ᠬᠢ ᠲᠠᠢ ᠲᠤᠩ ᠠᠳᠠᠯᠢᠪᠳᠤᠷ ᠪᠠᠶᠢᠳᠠᠭ | ᠪᠤᠯᠪᠠᠴᠤ ᠬᠡᠷᠪᠡ ᠲᠡᠭᠦᠨ ᠤ ᠰᠠᠨᠠᠭᠤᠯᠤᠮᠵᠢ ᠪᠠᠷ ᠪᠡᠶ᠎ᠡ ᠶᠢᠨ ᠦᠨᠡᠮᠯᠡᠯ ᠤᠨ ᠨᠤᠮᠧᠷ᠂ ᠪᠠᠩᠭᠢ ᠶᠢᠨ ᠺᠠᠷᠲ ᠤᠨ | ᠨᠤᠮᠧᠷ ᠵᠡᠷᠭᠡ ᠰᠤᠷᠠᠭ ᠵᠠᠩᠭᠢ ᠪᠠᠨ ᠲᠠᠭᠯᠠᠵᠦ ᠪᠢᠴᠢᠬᠦ ᠳᠤ ᠬᠦᠷᠪᠡᠯ᠂ ᠪᠠᠩᠭᠢ ᠶᠢᠨ ᠺᠠᠷᠲ ᠢᠶᠠᠨ | ᠬᠤᠯᠠᠭᠠᠶᠢᠯᠠᠭᠳᠠᠵᠦ ᠮᠡᠳᠡᠨ᠎ᠡ᠃ ᠪᠢᠲᠡᠬᠢ ᠢᠲᠡᠭᠡ︕ ︽ᠡᠮᠨᠡᠯᠭᠡ ᠶᠢᠨ ᠳᠠᠭᠠᠳᠬᠠᠯ ᠴᠢᠨᠢ ᠨᠢᠭᠡᠨᠲᠡ ᠵᠤᠭᠰᠤᠪᠠ᠂ | ᠡᠯᠧᠺᠲᠷᠤᠨ ᠪᠠᠷ ᠭᠤᠶᠤᠴᠢᠯᠠᠨ ᠰᠤᠯᠢᠵᠦ ᠬᠡᠷᠡᠭᠯᠡᠭᠡᠷᠡᠢ︾ ᠭᠡᠰᠡᠨ ᠪᠤᠯ ᠱᠠᠯ ᠬᠤᠳᠠᠯ ᠶᠤᠮ᠃ | ᠡᠨᠡᠬᠦ ᠮᠡᠬᠡᠯᠡᠯ ᠤᠨ ᠰᠤᠷᠠᠭ ᠵᠠᠩᠭᠢ ᠨᠢ ᠯᠢᠤᠤᠨᠢᠩ᠂ ᠾᠧᠪᠸᠢ᠂ ᠬᠤᠨᠠᠨ᠂ ᠬᠤᠪᠸᠢ᠂ ᠰᠧᠴᠤᠸᠠᠨ᠂ ᠱᠠᠨᠰᠢ | ᠵᠡᠷᠭᠡ ᠤᠯᠠᠨ ᠭᠠᠵᠠᠷ ᠢᠶᠠᠷ ᠢᠯᠡᠷᠡᠵᠦ ᠪᠠᠶᠢᠬᠤ ᠲᠤᠯᠠ ᠡᠮᠨᠡᠯᠭᠡ ᠶᠢᠨ ᠳᠠᠭᠠᠳᠬᠠᠯ ᠳᠤ ᠤᠷᠤᠭᠰᠠᠨ ᠦᠷᠭᠡᠨ ᠤᠯᠠᠨ | ᠲᠦᠮᠡᠨ ᠰᠤᠨᠤᠷ ᠰᠡᠷᠡᠮᠵᠢ ᠲᠠᠢ ᠪᠠᠶᠢᠵᠦ᠂ ᠬᠢᠴᠢᠶᠡᠨ ᠰᠡᠷᠭᠡᠶᠢᠯᠡᠵᠦ᠂ ᠦᠪᠡᠷ ᠤᠨ ᠰᠤᠷᠠᠭ ᠵᠠᠩᠭᠢ ᠪᠤᠯᠤᠨ ᠡᠳ᠋ | ᠬᠦᠷᠦᠩᠭᠡ ᠶᠢᠨ ᠠᠮᠤᠷ ᠲᠦᠪᠰᠢᠨ ᠢᠶᠠᠨ ᠰᠠᠶᠢᠳᠤᠷ ᠬᠠᠮᠠᠭᠠᠯᠠᠬᠤ ᠬᠡᠷᠡᠭᠲᠡᠢ᠂ ᠲᠠᠨᠢᠯ ᠪᠤᠰᠤ ᠬᠤᠯᠪᠤᠭᠠᠰᠤ ᠶᠢ ᠪᠤᠤ | ᠲᠤᠪᠴᠢᠳᠠᠭᠠᠷᠠᠢ᠃ |