ᠢᠷᠦᠭᠡᠯ
ᠨᠡᠶᠢᠲᠡᠯᠡᠭᠰᠡᠨ ᠴᠠᠭ᠄
2023/8/16
   ᠡᠷᠳᠡᠨᠢᠲᠤ ᠨᠠᠷᠠᠨ ᠤ ᠢᠪᠡᠭᠡᠯ ᠢᠶᠠᠷ        ᠡᠵᠢ ᠳᠡᠯᠡᠬᠡᠢ ᠶᠢᠨ ᠳᠡᠤᠨᠭᠡᠮᠵᠢ ᠪᠠᠷ        ᠡᠩᠬᠡ ᠤᠷᠢᠤᠨ ᠤᠨ ᠨᠠᠰᠤᠨ ᠲᠤᠷᠰᠢᠲᠠ ᠳᠠᠭᠠᠨ        ᠡᠷᠬᠢᠮ ᠴᠤᠭ ᠴᠢᠨᠢ ᠪᠠᠳᠠᠷᠠᠵᠤ        ᠦᠷᠭᠡᠨ ᠶᠡᠭᠡ ᠪᠤᠶᠠᠨ ᠨᠢ        ᠦᠷᠭᠡᠵᠢᠵᠤ ᠶᠡᠭᠡ ᠪᠠᠷ ᠨᠡᠮᠡᠭᠳᠡᠵᠤ        ᠦᠨᠢᠷ ᠤᠯᠠᠨ ᠮᠠᠯ ᠨᠢ        ᠦᠰᠴᠤ ᠤᠯᠠᠮ ᠢᠶᠠᠷ ᠤᠯᠠᠰᠢᠷᠠᠵᠤ        ᠬᠤᠸᠠ ᠲᠤᠯᠤᠭᠠᠶᠢᠲᠤ ᠬᠤᠨᠢ ᠪᠠᠷ ᠢᠶᠠᠨ      ᠬᠤᠷᠤᠭ᠎ᠠ ᠬᠤᠲᠠ ᠪᠠᠨ ᠳᠦᠭᠦᠷᠡᠭᠡᠵᠤ        ᠬᠤᠨᠭ᠍ᠭᠤᠷ ᠬᠠᠯᠵᠠᠨ ᠠᠳᠤᠭᠤ ᠪᠠᠷ ᠢᠶᠠᠨ        ᠬᠤᠭᠤᠯᠠᠢ ᠶᠢᠨ ᠭᠤᠪᠢ ᠶᠢ ᠪᠢᠯᠬᠠᠭᠤᠯᠵᠤ        ᠬᠤᠯᠪᠤᠭ᠎ᠠ ᠡᠪᠡᠷ ᠲᠠᠢ ᠦᠬᠡᠷ ᠢᠶᠠᠷ ᠢᠶᠠᠨ        ᠬᠤᠨᠭ᠍ᠬᠤᠷ ᠪᠦᠬᠦᠨ ᠢ ᠪᠦᠷᠬᠦᠭᠦᠯᠵᠤ        ᠬᠤᠮ ᠪᠦᠬᠦ ᠲᠠᠢ ᠲᠡᠮᠡᠭᠡ ᠪᠠᠷ ᠢᠶᠠᠨ        ᠬᠤᠯᠠ ᠶᠢᠨ ᠰᠢᠯᠢ ᠶᠢ ᠳᠦᠭᠦᠷᠡᠭᠡᠵᠤ        ᠵᠠᠭᠤ ᠮᠢᠩᠭᠠᠨ ᠲᠤᠭᠤᠯ ᠢᠶᠠᠷ ᠢᠶᠠᠨ        ᠵᠤᠰᠠᠯᠠᠩ ᠤᠨ ᠵᠢᠯ ᠢᠶᠠᠨ ᠳᠦᠭᠦᠷᠡᠭᠡᠵᠤ      ᠵᠤᠵᠠᠭᠠᠨ ᠴᠠᠭᠠᠨ ᠢᠳᠡᠭᠡᠨ ᠢᠶᠠᠷ    ᠠᠪᠳᠠᠷ᠎ᠠ ᠬᠤᠷᠭᠤ ᠪᠠᠨ ᠳᠦᠭᠦᠷᠡᠭᠡᠵᠤ        ᠠᠯᠢᠶ᠎ᠠ ᠲᠠᠷᠭᠤᠨ ᠤᠨᠠᠭ᠎ᠠ ᠶᠢ ᠪᠠᠨ        ᠠᠷᠭᠠᠮᠵᠢᠶ᠎ᠠ ᠳᠡᠭᠡᠰᠤ ᠪᠠᠷ ᠳᠦᠭᠦᠷᠡᠭᠡᠵᠤ        ᠠᠩᠭᠢᠯᠤᠮ᠎ᠠ ᠴᠠᠭᠠᠨ ᠢᠳᠡᠭᠡᠨ ᠢᠶᠠᠷ        ᠠᠭᠠᠷᠤᠥ ᠰᠠᠭᠤᠯᠠᠭ᠎ᠠ ᠪᠠᠷ ᠮᠡᠯᠮᠡᠯᠵᠡᠭᠦᠯᠵᠤ        ᠶᠠᠬᠢᠷ ᠶᠠᠬᠢᠷ ᠬᠠᠳᠠ ᠶᠢ ᠪᠠᠨ        ᠢᠮᠠᠭ᠎ᠠ ᠪᠠᠷ ᠢᠶᠠᠨ ᠳᠦᠭᠦᠷᠡᠭᠡᠵᠤ        ᠶᠠᠩᠵᠤ ᠪᠦᠷᠢ ᠶᠢᠨ ᠢᠰᠢᠭᠡ        ᠲᠡᠭᠦᠨ ᠤ ᠳᠡᠷᠭᠡᠳᠡᠭᠦᠷ ᠲᠤᠭᠯᠠᠭᠤᠯᠵᠤ        ᠢᠷᠠᠭᠤ ᠠᠯᠳᠠᠷᠲᠠᠢ ᠨᠡᠶᠢᠭᠡᠮ ᠵᠢᠷᠦᠮᠲᠤ ᠳᠦᠷᠪᠡᠨ ᠤᠳᠤᠬᠢᠴᠢᠯᠠᠯᠲᠠ ᠳᠤ        ᠬᠦᠴᠤ ᠪᠠᠨ ᠡᠷᠭᠦᠬᠦ ᠶᠢ ᠴᠢᠨᠢ ᠢᠷᠦᠭᠡᠨ ᠪᠡᠯᠭᠡᠯᠡᠶ᠎ᠡ
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号