ᠲᠠᠷᠢᠶᠠᠨ ᠲᠦᠷᠦᠬᠦᠤ ᠨᠠᠶᠢᠭᠤᠨ ᠳᠤᠬᠢᠯᠵᠠᠵᠤ᠂ ᠦᠷᠡᠯᠡᠭᠰᠡᠨ ᠡᠪᠡᠰᠤ ᠦᠵᠦᠬᠦᠷ ᠢᠶᠠᠷ ᠢᠶᠠᠨ ᠰᠢᠷᠠᠯᠠᠵᠤ | ᠡᠬᠢᠯᠡᠯ᠎ᠠ᠃ ᠪᠠᠶᠠᠨ ᠨᠠᠮᠤᠷ ᠤᠨ ᠬᠤᠩᠭᠤᠷ ᠰᠠᠯᠬᠢᠨ ᠳᠤ ᠲᠠᠷᠢᠶ᠎ᠠ ᠲᠦᠮᠦᠰᠤ ᠪᠤᠯᠪᠠᠰᠤᠷᠠᠨ ᠦᠷ᠎ᠠ ᠰᠢᠮ᠎ᠠ ᠪᠦᠷᠢᠳᠴᠦ | ᠡᠬᠢᠯᠡᠬᠦ ᠳᠤ᠂ ᠡᠮᠡᠬᠡᠯ ᠠᠭᠤᠯᠠ ᠲᠤᠰᠬᠤᠨ ᠤ ᠠᠭᠤᠯᠠᠨ ᠭᠠᠵᠠᠷ ᠢ ᠬᠠᠮᠠᠷᠯᠠᠵᠤ ᠲᠠᠷᠢᠭᠰᠠᠨ ᠦᠵᠦᠮ᠂ ᠱᠤᠤ | ᠪᠠᠯᠭᠠᠰᠤ ᠶᠢᠨ ᠡᠯᠡᠰᠦᠷᠬᠡᠭ ᠭᠠᠵᠠᠷ ᠢ ᠨᠦᠮᠦᠷᠬᠡᠯᠡᠵᠤ ᠲᠠᠷᠢᠭᠰᠠᠨ ᠴᠠᠷᠭᠠᠰᠤ ᠪᠦᠷ ᠡᠯᠪᠡᠭ ᠬᠤᠷᠢᠶᠠᠯᠳᠡ ᠤᠯᠵᠤ᠂ | ᠦᠵᠡᠭᠰᠡᠨ ᠪᠦᠬᠦᠨ ᠤ ᠪᠠᠭ᠋ᠠᠷᠬᠠᠯ ᠢ ᠲᠠᠳᠠᠨ᠎ᠠ᠃ | ᠬᠠᠷᠠᠴᠢᠨ ᠬᠤᠰᠢᠭᠤᠨ ᠤ ᠾᠧ ᠨᠠᠨ ᠵᠡᠭᠡᠯᠢ ᠶᠢᠨ ᠡᠮᠡᠭᠡᠯ ᠠᠭᠤᠯᠠ ᠲᠤᠰᠬᠤᠨ ᠤᠷᠤᠨ ᠨᠤᠳᠤᠭ ᠤᠨ ᠪᠤᠲᠠᠲᠤ | ᠪᠠᠶᠢᠲᠠᠯ ᠲᠠᠢ ᠪᠠᠨ ᠤᠶᠠᠯᠲᠤᠭᠤᠯᠤᠨ ᠠᠭᠤᠯᠠᠨ ᠭᠠᠵᠠᠷ ᠤᠨ ᠦᠵᠦᠮ ᠤᠨ ᠠᠵᠦ ᠦᠢᠯᠡᠰ ᠢ ᠭᠤᠤᠯᠲᠠᠯᠭ᠎ᠠ ᠲᠠᠢ | ᠬᠦᠭᠵᠢᠭᠦᠯᠬᠦ ᠶᠢᠨ ᠳᠠᠭᠠᠤ ᠤᠯᠠᠭᠠᠠ ᠦᠵᠦᠮ ᠤᠨ ᠠᠷᠢᠬᠢ ᠶᠢᠨ ᠠᠵᠦ ᠠᠬᠤᠢᠢᠯᠠᠯ ᠢ ᠲᠡᠳᠬᠦᠨ ᠬᠦᠭᠵᠢᠬᠦᠯᠵᠤ᠂ | ᠲᠤᠰᠬᠤᠨ ᠤ ᠠᠷᠠᠳ ᠬᠤᠷᠢᠶᠠᠭᠰᠠᠨ ᠦᠵᠦᠮ ᠢᠶᠠᠨ ᠲᠤᠬᠠᠢ ᠶᠢᠨ ᠭᠠᠵᠠᠷ ᠲᠠᠭᠠᠨ ᠪᠤᠷᠤᠯᠠᠭᠤᠯᠵᠦ ᠲᠠᠶᠢᠯᠬᠦ | ᠪᠤᠯᠤᠭᠰᠠᠨ ᠢᠶᠠᠷ ᠪᠠᠷᠠᠬᠤ ᠦᠭᠡᠢ ᠪᠠᠰᠠ ᠠᠵᠦ ᠠᠬᠤᠢᠢᠯᠠᠯ ᠲᠠᠢ ᠨᠠᠭᠠᠳᠤ ᠵᠠᠬ᠎ᠠ ᠶᠢᠨ ᠬᠤᠲᠠᠯᠲᠤᠨ ᠠᠪᠬᠤ ᠦᠨ᠎ᠠ | ᠲᠤᠭᠲᠠᠨ᠂ ᠲᠠᠷᠢᠮᠠᠯ ᠤᠨ ᠤᠷᠤᠯᠭ᠎ᠠ ᠨᠢ ᠴᠦ ᠪᠠᠲᠤᠯᠠᠭ᠎ᠠ ᠲᠠᠢ ᠪᠤᠯᠵᠠᠢ᠃ ᠤᠳᠤ ᠲᠤᠰ ᠲᠤᠰᠬᠤᠠ ᠳᠤ ᠠᠭᠤᠯᠠᠨ | ᠭᠠᠵᠠᠷ ᠤᠨ ᠦᠵᠦᠮ ᠲᠠᠷᠢᠵᠦ ᠪᠠᠶᠢᠭ᠎ᠠ ᠡᠷᠦᠭᠡ 200 ᠭᠠᠷᠤᠢ ᠪᠤᠯᠵᠦ᠂ ᠲᠠᠷᠢᠮᠠᠯ ᠤᠨ ᠲᠠᠯᠠᠪᠠᠢ ᠨᠢ 3000 ᠮᠦ ᠶᠢ | ᠲᠠᠪᠠᠨ᠂ ᠮᠠᠰᠢ ᠤᠯᠠᠠ ᠲᠤᠰᠬᠤᠨ ᠤ ᠠᠷᠠᠳ ᠠᠭᠤᠯᠠᠨ ᠭᠠᠵᠠᠷ ᠤᠨ ᠦᠵᠦᠮ ᠲᠠᠷᠢᠬᠤ ᠪᠠᠷ ᠲᠠᠮᠵᠢᠨ ᠶᠠᠲᠠᠭᠤ ᠠᠴᠠ | ᠠᠩᠭᠢᠵᠢᠷᠠᠠ ᠪᠠᠶᠠᠵᠢᠭᠰᠠᠨ ᠪᠠᠶᠢᠨ᠎ᠠ᠃ ᠮᠠᠨ ᠤ ᠤᠯᠤᠰ ᠤᠨ ᠬᠠᠮᠤᠭ ᠤᠨ ᠶᠡᠭᠡ ᠡᠯᠡᠰᠦᠷᠬᠡᠭ ᠭᠠᠵᠠᠷ ᠪᠤᠯᠬᠤ | ᠬᠤᠷᠴᠢᠨ ᠤ ᠡᠯᠡᠰᠦᠷᠬᠡᠭ ᠭᠠᠵᠠᠷ ᠤᠨ ᠪᠠᠷᠠᠭᠤᠨ ᠬᠦᠪᠡᠭᠡ ᠳᠤ ᠪᠠᠶᠢᠷᠢᠯᠠᠭᠰᠠᠨ ᠠᠷᠤ ᠬᠤᠷᠴᠢᠨ ᠬᠤᠰᠢᠭᠤ 2011 | ᠤᠨ ᠠᠴᠠ ᠡᠬᠢᠯᠡᠨ᠂ ᠱᠤᠤ ᠪᠠᠯᠭᠠᠰᠤ ᠪᠠᠷ ᠢᠶᠠᠨ ᠭᠤᠤᠯ ᠪᠤᠯᠭᠠᠨ ᠠᠷᠠᠯᠵᠢᠶᠡᠴᠢᠨ ᠤᠷᠢᠵᠤ ᠪᠡᠯᠡ ᠮᠦᠩᠬᠦ | ᠤᠷᠤᠭᠤᠯᠤᠨ ᠴᠠᠷᠭᠠᠰᠤ ᠲᠡᠷᠢᠵᠥ᠂ ᠡᠯᠡᠰᠦᠷᠬᠡᠭ ᠭᠠᠵᠠᠷ ᠲᠤ ᠴᠠᠷᠭᠠᠰᠤ ᠲᠠᠷᠢᠵᠤ ᠤᠷᠭᠤᠭᠤᠯᠤᠭᠰᠠᠨ ᠲᠠᠯᠠᠪᠠᠢ ᠨᠢ | 70 ᠲᠦᠮᠡᠨ ᠮᠦ ᠶᠢ ᠲᠠᠪᠠᠵᠤ᠂ ᠡᠯᠡᠰᠦᠷᠬᠡᠭ ᠭᠠᠵᠠᠷ ᠨᠢ ᠨᠢᠬᠡᠨᠳᠡ ︽ᠨᠤᠭᠤᠭᠠᠨ ᠪᠦᠷᠢᠳᠤ︾ ᠪᠤᠯᠵᠤ | ᠬᠤᠪᠢᠷᠠᠭᠰᠠᠨ ᠠᠵᠢ᠃ | 9 ᠰᠠᠷ᠎ᠠ ᠶᠢᠨ 18 ᠤ ᠡᠲᠦᠷ᠂ ᠡᠮᠡᠭᠡᠯ ᠠᠭᠤᠯᠠ ᠲᠤᠰᠬᠤᠠ ᠤ ᠲᠠᠷᠢᠶᠠᠴᠢᠳ ᠬᠤᠷᠢᠶᠠᠭᠰᠠᠨ ᠦᠵᠦᠮ ᠢᠶᠠᠨ | ᠠᠵᠤ ᠠᠬᠤᠢᠢᠯᠠᠯ ᠳᠤ ᠬᠤᠳᠠᠯᠳᠤᠨ ᠦᠭᠴᠦ ᠪᠠᠶᠢᠭ᠎ᠠ ᠨᠢ᠃ | 9 ᠰᠠᠷ᠎ᠠ ᠶᠢᠨ 20 ᠤ ᠡᠳᠤᠷ᠂ ᠱᠤᠤ ᠪᠠᠯᠭᠠᠰᠤ ᠶᠢᠨ ᠠᠵᠥ ᠠᠬᠤᠢᠢᠯᠠᠯ ᠤᠨ ᠬᠢᠨ ᠮᠠᠯᠴᠢᠳ ᠲᠠᠢ | ᠬᠤᠯᠪᠤᠭᠠᠯᠠᠨ ᠲᠠᠷᠢᠭᠰᠠᠨ ᠴᠠᠷᠭᠠᠰᠤ ᠪᠠᠨ ᠬᠠᠳᠤᠨ ᠬᠤᠷᠢᠶᠠᠵᠤ ᠪᠠᠶᠢᠭ᠎ᠠ ᠨᠢ᠃ | ᠰᠢᠨᠬᠤᠸᠠ ᠬᠤᠷᠢᠶᠠᠨ ᠤ ᠰᠤᠷᠪᠤᠯᠵᠢᠯᠠᠬᠴᠢ ᠯᠢᠦ ᠯᠸᠢ ᠬᠡᠷᠡᠯ ᠵᠢᠷᠤᠭ ᠢᠶᠠᠷ ᠮᠡᠳᠡᠬᠡᠯᠡᠪᠡ |