1᠂ ᠬᠠᠯᠠᠭᠤᠨ ᠤᠰᠤᠨ ᠤ ᠰᠠᠪᠠ ᠶᠢᠨ ᠬᠠᠭ ᠢ ᠠᠷᠢᠯᠭᠠᠬᠤ ᠳᠤ ᠼᠤᠤ ᠬᠢᠵᠤ ᠭᠡᠳᠤᠨ ᠤᠳᠠᠭ᠎ᠠ | ᠵᠠᠶᠢᠯᠤᠭᠰᠠᠨ ᠤ ᠲᠠᠷᠠᠭ᠎ᠠ ᠬᠠᠭᠠᠰ ᠴᠠᠭ ᠲᠠᠯᠪᠢᠵᠤ ᠪᠠᠶᠢᠭᠠᠳ ᠲᠠᠬᠢᠨ ᠴᠡᠪᠡᠷ ᠤᠰᠤ ᠪᠠᠷ ᠵᠠᠶᠢᠯᠪᠠᠯ ᠬᠠᠭ ᠨᠢ | ᠠᠷᠢᠯᠤᠨ᠎ᠠ᠃ | 2᠂ ᠱᠠᠬᠠᠢ ᠶᠢᠨ ᠠᠪᠳᠠᠷ᠎ᠠ ᠲᠤᠳᠤᠷ᠎ᠠ ᠮᠤᠳᠤᠨ ᠨᠡᠭᠦᠷᠡᠰᠤ ᠶᠢ ᠬᠢᠵᠤ ᠬᠠᠳᠠᠭᠠᠯᠠᠪᠠᠯ ᠦᠮᠡᠭᠡᠢ ᠦᠨᠤᠷ ᠢ | ᠠᠷᠢᠯᠭᠠᠵᠤ ᠴᠢᠬᠢᠭᠳᠡᠭᠦ ᠠᠴᠠ ᠰᠡᠷᠭᠡᠶᠢᠯᠡᠨ᠎ᠠ᠃ | 3᠂ ᠵᠦᠷᠵᠢ ᠶᠢᠨ ᠬᠠᠯᠢᠰᠤ ᠶᠢ ᠤᠬᠢᠶᠠᠵᠤ ᠴᠡᠪᠡᠷᠯᠡᠭᠡᠳ ᠬᠦᠯᠳᠡᠭᠡᠭᠦᠷ ᠲᠤ ᠲᠠᠷᠬᠠᠭᠠᠵᠤ ᠲᠠᠯᠪᠢᠪᠠᠯ᠂ | ᠭᠤᠷᠪᠠᠨ ᠬᠤᠨᠤᠭ ᠤᠨ ᠲᠠᠷᠠᠭ᠎ᠠ ᠬᠦᠯᠳᠡᠭᠡᠭᠦᠷ ᠤᠨ ᠠᠯᠢᠪᠠ ᠮᠠᠭᠤᠬᠠᠢ ᠦᠨᠤᠷ ᠠᠷᠢᠯᠵᠤ᠂ ᠠᠩᠬᠢᠯᠤᠮ᠎ᠠ ᠰᠠᠶᠢᠬᠠᠨ | ᠦᠨᠤᠷ ᠭᠠᠷᠳᠠᠭ᠃ | 4᠂ ᠵᠤᠷᠯᠤᠩ ᠳᠤ ᠴᠦᠢᠳ᠋ᠸᠡᠭ ᠰᠢᠳᠠᠭᠠᠪᠠᠯ ᠦᠮᠡᠭᠡᠢ ᠦᠨᠤᠷ ᠨᠢ ᠠᠷᠢᠯᠤᠨ᠎ᠠ᠃ | 5᠂ ᠨᠦᠢᠷ ᠬᠤᠯᠵᠢᠳᠠᠭ ᠬᠦᠮᠤᠨ ᠤᠨᠳᠠᠬᠤ ᠠᠴᠠ ᠡᠮᠤᠨ᠎ᠠ ᠨᠢᠭᠡ ᠴᠤᠮᠤ ᠪᠤᠴᠠᠯᠭᠠᠵᠤ ᠬᠦᠷᠦᠭᠡᠭᠰᠡᠨ | ᠤᠰᠤᠨ ᠳᠤ ᠨᠢᠭᠡ ᠬᠠᠯᠪᠠᠭ᠎ᠠ ᠼᠤᠤ ᠬᠢᠵᠤ ᠤᠤᠭᠤᠪᠠᠯ ᠨᠦᠢᠷ ᠢ ᠰᠠᠶᠢᠵᠢᠷᠠᠭᠤᠯᠤᠨ᠎ᠠ᠃ | 6᠂ ᠲᠡᠷᠠ ᠲᠡᠭᠡᠷ᠎ᠠ ᠪᠠᠨ ᠲᠤᠷᠭᠠᠨ ᠠᠯᠴᠢᠭᠤᠷ ᠲᠡᠯᠪᠢᠵᠤ ᠤᠨᠳᠠᠪᠠᠯ᠂ ᠭᠡᠵᠢᠭᠡᠨ ᠤ ᠭᠡᠯᠪᠡᠷᠢ ᠬᠤᠪᠢᠷᠠᠬᠤ ᠶᠢ | ᠰᠡᠷᠭᠡᠶᠢᠯᠡᠨ᠎ᠠ᠃ | 7᠂ ᠬᠠᠳᠠᠭᠠᠭᠰᠠᠨ ᠵᠦᠷᠵᠢ ᠶᠢᠨ ᠬᠠᠯᠢᠰᠤ ᠶᠢ ᠰᠢᠳᠠᠭᠠᠪᠠᠯ ᠭᠡᠷ ᠤᠨ ᠲᠤᠳᠤᠷᠠᠬᠢ ᠦᠮᠡᠬᠡᠢ ᠦᠨᠤᠷ ᠢ | ᠠᠷᠢᠯᠭᠠᠬᠤ ᠪᠠ ᠪᠠᠳᠠᠭᠠᠨ᠎ᠠ ᠶᠢ ᠴᠤ ᠦᠯᠳᠡᠵᠤ ᠬᠦᠭᠡᠭᠡᠨ᠎ᠠ᠃ | 8᠂ ᠬᠢᠳᠤᠭ᠎ᠠ ᠪᠢᠯᠡᠭᠦᠳᠡᠭᠦ ᠳᠡᠭᠡᠨ ᠬᠢᠳᠤᠭ᠎ᠠ ᠪᠠᠨ ᠲᠠᠪᠤᠰᠤ ᠲᠠᠢ ᠤᠰᠤᠨ ᠳᠤ ᠲᠡᠪᠳᠤᠭᠡᠵᠤ ᠪᠠᠶᠢᠭᠠᠳ | ᠪᠢᠯᠡᠭᠦᠳᠡᠪᠡᠯ ᠬᠢᠯᠪᠠᠷᠬᠠᠨ ᠬᠤᠷᠴᠠ ᠪᠤᠯᠬᠤ ᠪᠦᠭᠡᠳ ᠲᠡᠰᠪᠤᠷᠢᠳᠠᠢ ᠪᠠᠶᠢᠳᠠᠭ᠃ | 9᠂ ᠬᠤᠭᠤᠯᠠᠨ ᠭᠡᠷ ᠤᠨ ᠱᠠᠯᠠᠨ ᠤ ᠲᠤᠰᠤᠨ ᠭᠭᠢᠷ ᠢ ᠼᠤᠤ ᠬᠢᠭᠰᠡᠨ ᠵᠦᠯᠭᠦᠭᠦᠷ ᠢᠶᠠᠷ ᠵᠦᠯᠭᠦᠪᠡᠯ | ᠬᠢᠯᠪᠡᠷᠬᠠᠨ ᠵᠦᠯᠭᠦᠭᠳᠡᠳᠡᠭ᠃ | 10᠂ ᠦᠰᠦᠯᠢᠭ ᠲᠤᠭᠤᠷ ᠢ ᠤᠬᠢᠶᠠᠬᠤ ᠳᠠᠭᠠᠨ ᠵᠢᠭᠠᠬᠠᠨ ᠲᠠᠪᠤᠰᠤ ᠬᠢᠵᠤ ᠲᠠᠬᠢᠨ ᠴᠡᠪᠡᠷ ᠤᠰᠤ ᠪᠠᠷ | ᠤᠬᠢᠶᠠᠪᠠᠯ ᠦᠰᠤ ᠨᠢ ᠬᠢᠯᠪᠠᠷ ᠤᠨᠠᠳᠠᠭ᠃ | 11᠂ ᠠᠷᠠᠰᠤᠨ ᠱᠠᠬᠠᠢ ᠶᠢᠨ ᠲᠤᠰᠤ ᠶᠢ ᠭᠡᠷᠡᠭᠯᠡᠭᠦ ᠦᠭᠡᠢ ᠤᠳᠠᠪᠠᠯ ᠬᠠᠳᠠᠭᠤᠷᠠᠳᠠᠭ᠂ ᠭᠡᠳᠤᠨ ᠲᠤᠰᠤᠯ | ᠦᠨᠢᠶᠠᠨ ᠰᠦ ᠲᠤᠰᠤᠭᠠᠪᠠᠯ ᠱᠠᠬᠠᠢ ᠶᠢᠨ ᠲᠤᠰᠤ ᠴᠢᠨᠢ ᠵᠦᠭᠡᠯᠡᠷᠡᠵᠤ ᠰᠢᠨ᠎ᠠ ᠲᠤᠰᠤ ᠲᠠᠢ ᠠᠳᠠᠯᠢ ᠪᠤᠯᠳᠠᠭ᠃ | 12᠂ ᠲᠠᠪᠤᠰᠤᠯᠠᠭᠰᠠᠨ ᠨᠤᠭᠤᠭ᠎ᠠ ᠪᠤᠶᠤ ᠵᠢᠭᠠᠰᠤ ᠬᠢᠭᠰᠡᠨ ᠰᠠᠪᠠ ᠶᠢ ᠼᠤᠤ ᠲᠠᠢ ᠬᠠᠯᠠᠭᠤᠨ ᠤᠰᠤ ᠪᠠᠷ | ᠤᠬᠢᠶᠠᠪᠠᠯ ᠦᠨᠤᠷ ᠨᠢ ᠠᠷᠢᠯᠳᠠᠭ᠃ | 13᠂ ᠵᠢᠭᠠᠰᠤᠨ ᠤ ᠬᠠᠶᠢᠷᠰᠤ ᠶᠢ ᠬᠤᠰᠤᠵᠤ ᠠᠷᠢᠯᠭᠠᠬᠤ ᠳᠠᠭᠠᠨ ᠵᠢᠭᠠᠰᠤ ᠪᠠᠨ ᠼᠤᠤ ᠲᠠᠢ ᠤᠰᠤᠨ ᠳᠤ | ᠪᠠᠭ᠋ᠠᠨ ᠲᠡᠪᠳᠤᠭᠡᠭᠡᠳ ᠬᠤᠰᠤᠪᠠᠯ ᠬᠠᠶᠢᠷᠰᠤ ᠨᠢ ᠬᠢᠯᠪᠠᠷ ᠠᠷᠢᠯᠤᠨ᠎ᠠ᠃ | 14᠂ ᠲᠤᠭᠤᠭᠠᠨ ᠭᠡᠷ ᠲᠠᠬᠢ ᠲᠤᠰᠤ ᠤᠳᠤᠭᠠᠨ ᠤ ᠦᠨᠤᠷ ᠠᠷᠢᠯᠬᠤ ᠦᠭᠡᠢ ᠪᠤᠯ ᠯᠠ ᠠᠰᠠᠭᠠᠪᠠᠯ | ᠦᠨᠤᠷ ᠨᠢ ᠲᠠᠷᠦ᠋ᠢᠬᠠᠨ ᠠᠷᠢᠯᠤᠨ᠎ᠠ᠃ | 15᠂ ᠲᠤᠭᠤᠭᠠᠨ ᠤ ᠢᠷᠤᠭᠠᠷ ᠰᠢᠳᠠᠭᠳᠠᠵᠤ ᠬᠠᠷᠠᠯᠠᠪᠠᠯ᠂ ᠲᠤᠭᠤᠭᠠᠨ ᠳᠠᠭᠠᠨ ᠤᠷᠤᠰ ᠰᠤᠩᠬᠢᠨ᠎ᠠ ᠪᠠ | ᠪᠠᠭ᠎ᠠ ᠤᠰᠤ ᠬᠢᠵᠤ ᠪᠤᠴᠠᠯᠭᠠᠪᠠᠯ ᠲᠦᠯᠡᠭᠳᠡᠭᠰᠡᠨ ᠬᠤᠰᠤᠮ ᠨᠢ ᠬᠢᠯᠪᠠᠷ ᠠᠷᠢᠯᠭᠠᠭᠳᠠᠨᠠ᠃ | | | | |