ᠣᠳᠣ ᠠᠴᠠ ᠨᠢᠢᠭᠡ ᠳ᠋ᠦᠩᠱᠢᠭᠤᠷ ᠶᠢᠰᠦᠨ ᠮᠢᠩᠭᠠᠨ ᠲᠥᠮᠡᠨ ᠵᠢᠯ ᠤᠨ ᠡᠮᠦᠨ᠎ᠡ ᠠᠮᠢᠳᠤᠷᠠᠵᠤ ᠪᠠᠶᠢᠭᠰᠠᠨ | ᠨᠢᠭᠡ ᠮᠧᠲᠷ ᠥᠨᠳᠥᠷ ᠲᠠᠢ ᠠᠪᠤᠷᠭᠤ ᠲᠣᠳᠢ ᠶᠢᠨ ᠶᠠᠰᠤ ᠶᠢ ᠰᠢᠨ᠎ᠡ ᠽᠧᠯᠠᠨ᠋ᠳ᠋ ᠠᠴᠠ ᠣᠯᠤᠭᠰᠠᠨ ᠲᠤᠬᠠᠢ | ︽Biology Letters︾ ᠰᠡᠳᠬᠦᠯ ᠥᠩᠭᠡᠷᠡᠬᠦ ᠭᠠᠷᠠᠭ ᠲᠤ ᠮᠡᠳᠡᠭᠡᠯᠡᠵᠡᠢ᠃ | ᠠᠪᠤᠷᠭᠤ ᠲᠣᠳᠢ ᠶᠢ ᠰᠢᠨ᠎ᠡ ᠽᠧᠯᠠᠨ᠋ᠳ᠋ ᠤᠨ ᠡᠮᠦᠨᠡᠲᠦ ᠨᠤᠲᠤᠭ ᠤᠨ ᠣᠲ᠋ᠠᠭᠠ ᠮᠤᠵᠢ ᠶᠢᠨ ᠰᠧᠨᠲ ᠪᠠᠲᠤᠬᠠᠨ | ᠬᠤᠲᠠ ᠶᠢᠨ ᠣᠶᠢᠷᠠᠯᠴᠠᠭ᠎ᠠ ᠠᠴᠠ ᠣᠯᠵᠠᠢ᠃ ᠲᠣᠳᠢ ᠶᠢᠨ ᠶᠠᠰᠤ ᠳᠤᠮᠳᠠᠴᠢ ᠥᠨᠳᠥᠷ ᠲᠠᠢ ᠬᠦᠮᠦᠨ ᠠᠴᠠ ᠥᠨᠳᠥᠷ | ᠪᠠᠶᠢᠴᠠᠢ᠃ ᠥᠨᠥ ᠶᠢᠨ ᠶᠡᠬᠡᠩᠬᠢ ᠰᠢᠪᠠᠭᠤᠳ ᠠᠴᠠ ᠢᠯᠭᠠᠭ᠎ᠠ ᠲᠠᠢ ᠨᠢ ᠠᠪᠤᠷᠭᠤ ᠲᠣᠳᠢ ᠨᠢᠰᠴᠦ ᠴᠢᠳᠠᠳᠠᠭ ᠦᠭᠡᠢ᠂ | ᠮᠢᠬᠠᠴᠢᠨ ᠰᠢᠪᠠᠭᠤ ᠪᠠᠶᠢᠭᠰᠠᠨ ᠭᠡᠵᠦ ᠲᠤᠰ ᠮᠡᠳᠡᠭᠡᠯᠡᠯ ᠳᠤ ᠳᠤᠷᠠᠳᠴᠠᠢ᠃ | ︽ᠡᠨᠡᠬᠦ ᠶᠠᠰᠤ ᠤᠷᠢᠳ ᠡᠮᠦᠨ᠎ᠡ ᠣᠯᠳᠠᠵᠤ ᠪᠠᠶᠢᠭᠰᠠᠨ ᠲᠣᠳᠢ ᠶᠢᠨ ᠶᠠᠰᠤᠨ ᠠᠴᠠ ᠬᠤᠶᠠᠷ ᠳᠠᠬᠢᠨ ᠢᠯᠡᠭᠦᠦ | ᠬᠦᠨᠳᠦ ᠵᠢᠩ ᠲᠠᠢ᠃ ᠮᠥᠨ ᠳᠡᠯᠡᠬᠡᠢ ᠳᠡᠭᠡᠷ᠎ᠡ ᠥᠭᠡᠷ᠎ᠡ ᠬᠠᠮᠢᠭ᠎ᠠ ᠴᠤ ᠡᠶᠢᠮᠦ ᠲᠣᠮᠣ ᠬᠡᠮᠵᠢᠶ᠎ᠡ ᠲᠠᠢ ᠲᠣᠳᠢ ᠪᠠᠶᠢᠭ᠎ᠠ | ᠦᠭᠡᠢ︾ ᠭᠡᠵᠦ ᠠᠦ᠋ᠢᠰᠳ᠋ᠷᠠᠯᠢᠶᠠ ᠠᠦ᠋ᠰᠲᠷᠯᠢᠶ᠎ᠠ ᠶᠢᠨ ᠹᠯᠢᠨᠳᠧᠷᠰ ᠶᠡᠭᠡ ᠰᠤᠷᠭᠠᠭᠤᠯᠢ ᠶᠢᠨ ᠡᠷᠳᠡᠮᠲᠡᠨ ᠲᠷᠧᠪᠤᠷ | ᠤᠣᠷᠲᠤ ︽ВВС︾ ᠰᠤᠪᠠᠭ ᠲᠤ ᠶᠠᠷᠢᠯᠴᠠᠯᠭ᠎ᠠ ᠥᠭᠬᠦ ᠳᠤ ᠪᠠᠨ ᠬᠡᠯᠡᠪᠡ᠃ | ᠠᠪᠤᠷᠭᠤ ᠲᠣᠳᠢ ᠶᠢᠨ ᠶᠠᠰᠤ ᠣᠯᠳᠠᠭᠰᠠᠨ ᠰᠧᠨᠲ ᠪᠠᠲᠤᠬᠠᠨ ᠬᠤᠲᠠ ᠨᠢ 5.3 ᠠᠴᠠ 23 ᠳ᠋ᠦᠩᠱᠢᠭᠤᠷ | ᠵᠢᠯ ᠤᠨ ᠲᠡᠷᠲᠡᠭᠡᠬᠢ ᠮᠢᠣᠼᠧᠨ ᠤ ᠡᠷᠡᠨ ᠦᠶ᠎ᠡ ᠳᠤ ᠬᠠᠮᠢᠶᠠᠷᠬᠤ ᠴᠢᠯᠠᠭᠤᠵᠢᠭᠰᠠᠨ ᠣᠯᠳᠠᠪᠤᠷᠢ ᠨᠤᠭᠤᠳ ᠢᠶᠠᠷ ᠢᠶᠠᠨ | ᠠᠯᠳᠠᠷᠲᠠᠢ ᠭᠠᠵᠠᠷ ᠶᠤᠮ᠃ ︵ᠷᠠ᠊᠂ ᠰᠥᠶᠣᠯᠲᠣ ᠰᠢᠭᠦᠪᠡ | | |