ᠪᠣᠷᠤᠭ᠎ᠠ ᠰᠢᠪᠡᠷᠡᠭᠰᠡᠨ ᠲᠩᠷᠢ ᠶᠢᠨ ᠳᠣᠣᠷ᠎ᠠ ᠪᠣᠷᠤᠭ᠎ᠠ ᠪᠣᠯᠣᠨ ᠰᠢᠪᠢᠷᠴᠦ ᠯᠠ ᠰᠠᠭᠤᠨ᠎ᠠ ᠦᠦ ᠡᠵᠢ ᠡ᠃ | ᠪᠣᠰᠤᠨ ᠰᠠᠭᠤᠭᠰᠠᠨ ᠴᠤ ᠬᠤᠶᠠᠷ ᠬᠦᠦ ᠶᠢ ᠮᠢᠨᠢ ᠡᠷᠬᠡᠯᠡᠭᠦᠯᠦᠭᠡᠳ ᠪᠣᠷᠣᠬᠠᠨ ᠬᠤᠨᠤᠭ ᠤᠳ ᠢ ᠲᠤᠭᠤᠯᠵᠤ ᠯᠠ | ᠪᠠᠶᠢᠨ᠎ᠠ ᠦᠦ᠂ ᠡᠵᠢ ᠡ᠃ ᠡᠵᠢ ᠲᠠᠨ ᠤ ᠪᠠᠨ ᠭᠠᠷ ᠤᠨ ᠣᠷᠣᠨ ᠳᠤ ᠭᠠᠷ᠂ ᠬᠥᠯ ᠤᠨ ᠣᠷᠣᠨ ᠳᠤ ᠬᠥᠯ᠂ | ᠨᠢᠳᠦᠨ ᠤ ᠣᠷᠣᠨ ᠳᠤ ᠨᠢᠳᠦ ᠪᠣᠯᠵᠤ ᠶᠠᠪᠤᠭ ᠭᠡᠵᠦ ᠬᠤᠶᠠᠷ ᠬᠦᠦ ᠪᠠᠨ ᠬᠢᠴᠢᠶᠡᠯ ᠨᠢ ᠠᠮᠠᠷᠠᠩᠭᠤᠲᠠ | ᠶᠠᠪᠤᠭᠤᠯᠤᠭᠰᠠᠨ ᠶᠤᠮ ᠡ᠃ ᠳᠢᠭ ᠦᠭᠡᠢ ᠬᠤᠶᠠᠷ ᠦᠷ᠎ᠡ ᠮᠢᠨᠢ ᠳᠡᠨᠵᠢ ᠶᠢᠨ ᠴᠡᠴᠡᠭ ᠲᠠᠰᠤᠳᠠᠵᠤ ᠳᠢᠭᠭᠦ᠋ᠢᠲᠦᠵᠦ | ᠪᠠᠶᠢᠨ᠎ᠠ ᠦᠦ᠂ ᠡᠵᠢ ᠡ᠃ ᠪᠣᠷᠤᠭ᠎ᠠ ᠵᠣᠭᠰᠣᠨ᠎ᠠ᠂ ᠰᠣᠯᠣᠩᠭ᠎ᠠ ᠲᠠᠲᠠᠨ᠎ᠠ᠃ ᠪᠠᠭ᠎ᠠ ᠶᠢᠨ ᠵᠠᠩᠭᠤ ᠪᠠᠷ ᠢᠶᠠᠨ | ᠰᠣᠯᠣᠩᠭ᠎ᠠ ᠲᠠᠰᠤᠳᠠᠵᠤ ᠭᠤᠶᠣᠨ᠎ᠠ ᠭᠡᠳᠡᠭ ᠳᠡᠪᠡᠷᠡᠭᠦᠨ ᠪᠣᠳᠣᠯ ᠮᠢᠨᠢ ᠴᠤ ᠬᠡᠪ ᠢᠶᠠᠷ ᠢᠶᠠᠨ ᠰᠢᠦ᠂ ᠡᠵᠢ ᠡ᠃ | ᠰᠠᠭᠠᠯᠢ ᠦᠨᠦᠷᠲᠡᠭᠰᠡᠨ ᠶᠠᠭᠠᠨ ᠳᠡᠪᠡᠯ ᠤᠨ ᠲᠠᠨᠢ ᠦᠨᠦᠷ ᠮᠢᠨᠦ ᠡᠨᠡ ᠣᠷᠴᠢᠯᠠᠩ ᠳᠤ ᠮᠡᠳᠡᠷᠡᠭᠰᠡᠨ ᠬᠠᠮᠤᠭ ᠤᠨ | ᠰᠠᠶᠢᠬᠠᠨ ᠦᠨᠦᠷ ᠪᠠᠶᠢᠭᠰᠠᠨ᠃ ᠲᠠᠨ ᠢ ᠪᠠᠨ ᠪᠣᠳᠣᠬᠤ ᠪᠠᠷ ᠣᠳᠣ ᠴᠤ ᠲᠡᠷᠡ ᠵᠥᠭᠡᠯᠡᠨ ᠰᠠᠯᠠᠬᠤ ᠶᠢᠨ ᠠᠷᠭ᠎ᠠ | ᠦᠭᠡᠢ ᠦᠨᠦᠷ ᠬᠠᠮᠠᠷ ᠴᠣᠷᠭᠢᠳᠠᠭ ᠪᠢᠯᠡ ᠯᠠ᠃ | ᠣᠷᠣᠢ ᠨᠢ ᠴᠣᠭᠤᠷᠠᠬᠠᠢ ᠡᠭᠦᠯᠡᠰ ᠤᠨ ᠰᠡᠶᠢᠮᠡᠬᠡᠢ ᠪᠠᠷ ᠬᠦᠦ ᠪᠠᠨ ᠢᠪᠡᠭᠡᠬᠦ ᠭᠡᠵᠦ ᠢᠯᠴᠢ ᠪᠠᠨ | ᠪᠠᠳᠠᠷᠠᠭᠤᠯᠵᠤ ᠰᠠᠭᠤᠨ᠎ᠠ ᠦᠦ᠂ ᠡᠵᠢ ᠡ᠃ ᠪᠤᠭᠤᠷᠤᠯᠬᠠᠨ ᠣᠷᠴᠢᠯᠠᠩ ᠤᠨ ᠨᠢᠭᠡᠨ ᠵᠠᠢ ᠳᠤ ᠪᠠᠨ ᠮᠢᠨᠤ ᠲᠥᠯᠦᠭᠡ | ᠰᠠᠴᠤᠯᠢ ᠡᠷᠭᠦᠨ ᠰᠠᠭᠤᠨ᠎ᠠ ᠦᠦ᠂ ᠡᠵᠢ ᠡ᠃ ᠠᠪᠤ ᠲᠠᠢ ᠬᠠᠮᠲᠤ ᠬᠡᠳᠦᠨ ᠦᠬᠡᠷ ᠤᠨ ᠢᠶᠠᠨ ᠠᠷᠤ ᠠᠴᠠ | ᠬᠥᠭᠡᠭᠡᠴᠡᠯᠳᠦᠵᠦ᠂ ᠠᠪᠤ ᠲᠠᠢ ᠬᠠᠮᠲᠤ ᠭᠤᠷᠪᠠᠨ ᠬᠦᠦ ᠶᠢᠨ ᠢᠶᠠᠨ ᠴᠢᠨᠠᠭᠰᠢᠳᠠ ᠶᠢᠨ ᠵᠠᠮ ᠢ ᠭᠡᠷᠡᠯᠲᠦᠭᠦᠯᠬᠦ ᠪᠠᠷ | ᠵᠠᠯᠪᠠᠷᠢᠵᠤ ᠯᠠ ᠰᠠᠭᠤᠨ᠎ᠠ ᠦᠦ ᠡᠵᠢ ᠡ᠃ ᠳᠣᠯᠣᠭᠠᠨ ᠳᠠᠪᠬᠤᠷ ᠤᠨ ᠴᠣᠩᠬᠤ ᠪᠠᠷ ᠳᠣᠭᠳᠣᠯᠤᠯ ᠢ ᠮᠢᠨᠢ | ᠲᠡᠭᠡᠭᠡᠭᠰᠡᠨ ᠪᠣᠷᠤᠭ᠎ᠠ ᠠᠰᠬᠠᠷᠴᠤ ᠪᠠᠶᠢᠨ᠎ᠠ᠃ ᠳᠣᠲᠣᠭᠠᠳᠤ ᠣᠭᠲᠠᠷᠭᠤᠢ ᠳᠤ ᠮᠢᠨᠢ ᠳᠣᠯᠣᠭᠠᠨ ᠪᠤᠷᠬᠠᠨ᠂ ᠨᠠᠷᠠ᠂ | ᠰᠠᠷ᠎ᠠ ᠲᠠᠢ ᠪᠠᠨ ᠬᠠᠮᠲᠤ ᠲᠠᠨ ᠳᠤ ᠪᠠᠨ ᠲᠡᠮᠡᠦᠯᠦᠭᠰᠡᠭᠡᠷ ᠯᠠ ᠪᠠᠶᠢᠳᠠᠭ ᠰᠢᠦ᠂ ᠡᠵᠢ ᠡ᠃ | ᠠᠵᠢᠯ ᠢᠶᠠᠨ ᠬᠠᠶᠠᠭᠠᠳ ᠠᠪᠤ᠂ ᠡᠵᠢ ᠳᠤ ᠪᠠᠨ ᠭᠦᠶᠦᠭᠡᠳ ᠣᠴᠢᠮᠠᠷ᠂ ᠳᠡᠪᠡᠩ ᠳᠡᠯᠡᠬᠡᠢ ᠶᠢᠨ ᠵᠦᠢᠯ ᠢ | ᠬᠠᠮᠤᠵᠤ ᠰᠢᠮᠡᠭᠡᠳ ᠶᠠᠷᠢᠵᠤ ᠰᠠᠭᠤᠮᠠᠷ ᠡᠳᠦᠷ ᠶᠤᠮᠰᠠᠨᠵᠢ᠃ ᠤᠳᠤᠬᠤ ᠦᠭᠡᠢ ᠨᠤᠲᠤᠭ ᠲᠤ ᠪᠠᠨ ᠣᠴᠢᠵᠤ ᠡᠵᠢ᠂ | ᠠᠪᠤ ᠳᠤ ᠪᠠᠨ ᠡᠷᠬᠡᠯᠡᠩᠬᠡᠨ ᠰᠠᠭᠤᠶ᠎ᠠ ᠳ᠋ᠠ᠃ ᠠᠮᠢᠳᠤᠷᠠᠯ ᠳᠤ ᠣᠯᠳᠠᠬᠤ ᠦᠭᠡᠢ ᠠᠵᠢᠯ ᠭᠡᠵᠦ ᠪᠠᠶᠢᠬᠤ ᠪᠢᠰᠢ᠃ | ᠠᠷᠭ᠎ᠠ ᠡᠪ ᠨᠢ ᠣᠯᠳᠠᠨ᠎ᠠ ᠰᠢᠦ ᠳ᠋ᠡ᠃ ᠠᠪᠤ᠂ ᠡᠵᠢ ᠠᠴᠠ ᠦᠨᠡᠲᠡᠢ ᠨᠢ ᠶᠠᠭᠠᠬᠢᠭᠰᠠᠨ ᠪᠢᠯᠡ᠃ | ᠪᠤᠷᠬᠠᠨᠡᠵᠢ ᠪᠠᠨ ᠪᠤᠷᠬᠠᠨ ᠪᠣᠯᠲᠠᠯ᠎ᠠ ᠪᠠᠨ ᠬᠠᠶᠢᠷᠠᠯᠠᠨ᠎ᠠ᠃ ᠪᠤᠷᠬᠠᠨ ᠠᠪᠤ ᠶᠢ ᠪᠠᠨ ᠪᠤᠴᠠᠨ ᠪᠤᠴᠠᠲᠠᠯ᠎ᠠ ᠪᠠᠨ | ᠬᠠᠶᠢᠷᠠᠯᠠᠨ᠎ᠠ ᠡ᠃ ᠡᠨᠡ ᠡᠳᠦᠷ ᠲᠥᠷᠦᠭᠦᠯᠦᠭᠰᠡᠨ ᠡᠷᠬᠢᠮ ᠬᠤᠶᠠᠷ ᠪᠤᠭᠤᠷᠤᠯ ᠳᠤ ᠪᠠᠨ ᠡᠨᠡ ᠰᠡᠳᠬᠢᠯ ᠤᠨ ᠢᠶᠠᠨ | ᠤᠭ ᠠᠴᠠ ᠬᠠᠶᠢᠷᠠᠲᠠᠢ ᠭᠡᠵᠦ ᠬᠡᠯᠡᠶ᠎ᠡ ᠡ᠃ | ᠷᠠ᠊᠂ ᠰᠣᠶᠣᠯᠲᠣ ᠪᠠᠭᠤᠯᠭᠠᠪᠠ | | |