ᠮᠠᠨ ᠤ ᠮᠣᠩᠭᠤᠯᠴᠣᠳ ᠠᠯᠢ ᠡᠷᠳᠡ ᠠᠴᠠ ᠬᠠᠯᠠᠭᠤᠨ ᠷᠠᠰᠢᠶᠠᠨ ᠳᠤ ᠷᠠᠰᠢᠶᠠᠯᠠᠬᠤ ᠢ ᠡᠷᠬᠢᠮ ᠢᠶᠠᠷ ᠦᠵᠡᠵᠣ | ᠲᠡᠭᠷᠢ ᠠᠴᠠ ᠰᠣᠶᠣᠷᠬᠠᠭᠰᠠᠨ ᠴᠡᠪᠡᠷ ᠣᠰᠣ ᠡᠬᠡ ᠭᠠᠵᠠᠷ ᠤᠨ ᠬᠠᠯᠠᠭᠤᠨ ᠦᠯᠦᠭᠡᠢ ᠭᠡᠵᠣ ᠬᠦᠰᠡᠵᠣ ᠪᠠᠭ᠋ᠠᠳᠣᠬᠤ | ᠵᠢᠴᠢ ᠷᠠᠰᠢᠶᠠᠯᠠᠵᠣ ᠪᠡᠶ᠎ᠡ ᠪᠠᠨ ᠰᠣᠪᠢᠯᠠᠬᠤ ᠮᠡᠳᠦ ᠶᠢᠨ ᠠᠵᠢᠯᠯᠠᠭ᠎ᠠ ᠳ᠋ᠤ᠋ᠣᠷᠣᠯᠴᠠᠬᠤ ᠲᠣᠷᠠᠳᠠᠢ ᠪᠠᠶᠢᠳᠠᠭ᠃ | ᠷᠠᠰᠢᠶᠠᠯᠠᠬᠤ ᠭᠡᠳᠡᠭ ᠨᠢ ᠡᠮ ᠡᠮᠨᠡᠯᠭᠡ ᠶᠢᠨ ᠣᠬᠠᠭᠠᠨ ᠤ ᠲᠠᠯ᠎ᠠ ᠠᠴᠠ ᠠᠪᠴᠣ ᠬᠡᠯᠡᠪᠡᠯ ﹇ᠣᠰᠣᠨ ᠵᠠᠰᠠᠯᠭ᠎ᠠ﹈ ᠭᠡᠳᠡᠭ | ᠪᠠᠶᠢᠨ᠎ᠠ᠂ ᠲᠡᠭᠦᠨ ᠳᠤ ﹇ᠣᠰᠣ ᠪᠠᠷ ᠣᠬᠢᠶᠠᠬᠤ᠂ ᠣᠰᠣᠨ ᠳᠤ ᠣᠮᠪᠠᠭ᠋ᠣ᠂ ᠣᠰᠣᠨ ᠳᠤ ᠲᠡᠪᠳᠦᠭᠡᠬᠦ﹈ ᠭᠡᠬᠦ ᠮᠡᠳᠦ | ᠶᠢᠨ ᠣᠰᠣ ᠪᠠᠷ ᠬᠤᠣᠷ ᠢ ᠠᠷᠢᠭᠤᠳᠬᠠᠵᠣ ᠴᠡᠪᠡᠷᠯᠡᠬᠦ ᠠᠵᠢᠯᠯᠠᠭ᠎ᠠ ᠶᠢ ᠵᠢᠭᠠᠳᠠᠭ ᠶᠣᠮ᠃ ᠣᠰᠣᠨ ᠵᠠᠰᠠᠯᠭ᠎ᠠ ᠨᠢ | ᠮᠡᠳᠡᠷᠡᠯ ᠤᠨ ᠰᠢᠰᠲ᠋ᠧᠮ᠂ ᠰᠢᠷ᠎ᠠ ᠣᠰᠣ᠂ ᠠᠷᠠᠰᠣᠨ ᠤ ᠡᠪᠡᠳᠴᠢᠨ᠂ ᠰᠢᠩᠭᠡᠭᠡᠯᠲᠡ ᠶᠢᠨ ᠡᠪᠡᠳᠴᠢᠨ ᠵᠡᠷᠭᠡ ᠣᠯᠠᠨ | ᠲᠠᠯ᠎ᠠ ᠶᠢᠨ ᠡᠪᠡᠳᠴᠢᠨ ᠢ ᠵᠠᠰᠠᠵᠣ ᠡᠳᠡᠭᠡᠷᠡᠭᠦᠯᠳᠡᠭ ᠪᠠᠶᠢᠨ᠎ᠠ︕ ᠰᠢᠨᠵᠢᠯᠡᠬᠦ ᠣᠬᠠᠭᠤᠨ ᠤ ᠣᠭ ᠶᠣᠰᠣ ᠠᠴᠠ | ᠠᠪᠴᠣ ᠬᠡᠯᠡᠪᠡᠯ ﹇ᠪᠣᠳᠠᠰ ᠬᠠᠯᠠᠬᠤ ᠳᠠᠭᠠᠨ ᠲᠡᠯᠡᠭᠡᠳ ᠬᠦᠷᠦᠬᠦ ᠲᠡᠭᠡᠨ ᠠᠪᠴᠢᠬᠤ﹈ ᠣᠭ ᠶᠣᠰᠣ ᠠᠴᠠ ᠪᠣᠯᠵᠣ | ᠬᠦᠮᠣᠨ ᠤ ᠪᠡᠶ᠎ᠡ ᠮᠠᠬᠠᠪᠣᠳ ᠢ ᠬᠠᠯᠠᠭᠤᠨ ᠣᠰᠣᠨ ᠳᠤ ᠵᠣᠬᠢᠬᠤ ᠴᠠᠭ ᠲᠡᠪᠳᠦᠭᠡᠪᠡᠯ ᠬᠠᠯᠠᠬᠤ ᠳᠠᠭᠠᠨ ᠲᠡᠯᠡᠭᠡᠳ | ᠬᠦᠮᠣᠨ ᠤ ᠪᠡᠶ᠎ᠡ ᠶᠢᠨ ᠬᠠᠯᠠᠭᠤᠨ ᠬᠦᠢᠳᠡᠨ ᠤ ᠲᠡᠩᠴᠡᠭᠦᠷᠢ ᠶᠢ ᠪᠠᠳᠦᠯᠠᠵᠣ ᠰᠣᠳᠠᠯ ᠰᠢᠷᠪᠣᠰᠣ ᠶᠢ ᠵᠦᠭᠡᠯᠡᠷᠡᠭᠦᠯᠵᠣ᠂ | ᠴᠢᠰᠣᠨ ᠡᠷᠭᠢᠯᠲᠡ ᠶᠢ ᠬᠤᠷᠳᠣᠳᠬᠠᠵᠣ᠂ ᠰᠢᠨ᠎ᠡ ᠬᠠᠭᠤᠴᠢᠨ ᠤ ᠰᠣᠯᠢᠯᠴᠠᠭ᠎ᠠ ᠶᠢᠨ ᠠᠵᠢᠯᠯᠠᠭ᠎ᠠ ᠶᠢ ᠢᠳᠡᠪᠬᠢᠳᠠᠢ | ᠶᠠᠪᠣᠭᠳᠠᠭᠤᠯᠵᠣ ᠪᠡᠶ᠎ᠡ ᠮᠠᠬᠠᠪᠣᠳ ᠤᠨ ᠲᠣᠳᠦᠷᠠᠬᠢ ᠬᠤᠭ ᠨᠣᠪᠴᠢ ᠶᠢ ᠭᠠᠳᠠᠭᠰᠢ ᠴᠡᠪᠡᠷᠯᠡᠨ ᠠᠷᠢᠯᠭᠠᠵᠣ ᠪᠡᠶ᠎ᠡ | ᠮᠠᠬᠠᠪᠣᠳ ᠤᠨ ᠡᠷᠡᠭᠦᠯ ᠲᠡᠩᠬᠡᠯᠡᠭᠦᠨ ᠢ ᠪᠠᠳᠦᠯᠠᠳᠠᠭ ᠶᠣᠮ᠃ ᠣᠰᠣ ᠭᠡᠳᠡᠭ ᠴᠢᠨᠢ ᠠᠮᠢ ᠮᠦᠨ᠃ ᠣᠰᠣᠨ ᠠᠴᠠ | ᠰᠠᠯᠪᠡᠯ ᠣᠷᠭᠤᠮᠡᠯ ᠠᠮᠢᠳᠠᠨ ᠣᠷᠣᠰᠢᠵᠣ ᠴᠢᠳᠠᠬᠤ ᠦᠭᠡᠢ᠃ ᠣᠰᠣᠨ ᠤ ᠪᠦᠷᠢᠯᠳᠦᠭᠦᠨ ᠨᠢ ᠬᠦᠮᠣᠨ ᠤ ᠪᠡᠶ᠎ᠡ ᠳᠤ | ᠲᠦᠢᠯ ᠤᠨ ᠴᠢᠬᠤᠯᠠ ᠦᠢᠯᠡᠳᠦᠯ ᠦᠵᠡᠭᠦᠯᠳᠡᠭ ᠶᠣᠮ᠃ ᠷᠠᠰᠢᠶᠠᠨ ᠤ ᠣᠰᠣᠨ ᠳᠤ ᠣᠯᠠᠨ ᠵᠦᠢᠯ ᠤᠨ ᠡᠷᠦᠳᠡᠰᠣ | ᠶᠢᠨ ᠡᠯᠧᠮᠧᠨ᠋ᠲ ᠠᠬᠤᠭᠤᠯᠵᠣ ᠪᠠᠶᠢᠳᠠᠭ᠂ ᠭᠡᠬᠦ ᠲᠡᠭᠡᠨ ᠬᠦᠮᠣᠨ ᠤ ᠪᠡᠶ᠎ᠡ ᠮᠠᠬᠠᠪᠣᠳ ᠤᠨ ᠪᠦᠷᠢᠯᠳᠦᠭᠦᠨ ᠤ ᠵᠠᠭᠤᠨ | ᠤ ᠲᠠᠪᠢ ᠠᠴᠠ ᠲᠡᠭᠡᠭᠰᠢ ᠨᠢ ᠣᠰᠣ ᠪᠣᠯᠬᠤ ᠲᠣᠯᠠ ᠷᠠᠰᠢᠶᠠᠨ ᠤ ᠰᠢᠨ᠎ᠡ ᠣᠰᠣ ᠪᠠᠷ ᠪᠡᠶ᠎ᠡ ᠮᠠᠬᠠᠪᠣᠳ ᠤᠨ ᠣᠰᠣ ᠶᠢ | ᠰᠣᠯᠢᠪᠡᠯ ᠰᠢᠨ᠎ᠡ ᠣᠰᠣᠨ ᠤ ᠡᠷᠦᠳᠡᠰᠦ ᠶᠢᠨ ᠡᠯᠧᠮᠧᠨ᠋ᠲ ᠶᠢᠨ ᠦᠢᠯᠡᠳᠦᠯ ᠢ ᠪᠠᠳᠠᠷᠠᠭᠤᠯᠵᠣ ᠬᠦᠮᠣᠨ ᠤ ᠪᠡᠶ᠎ᠡ ᠶᠢᠨ | ᠰᠢᠩᠭᠡᠭᠡᠯᠲᠡ ᠶᠢ ᠰᠠᠶᠢᠵᠢᠷᠠᠭᠤᠯᠬᠤ᠂ ᠡᠰᠡᠷᠭᠦᠴᠡᠬᠦ ᠴᠢᠳᠠᠪᠣᠷᠢ ᠶᠢ ᠲᠡᠭᠡᠭᠰᠢᠯᠡᠭᠦᠯᠬᠦ᠂ ᠰᠣᠳᠠᠯ ᠤᠨ ᠪᠦᠭᠯᠡᠷᠡᠯ ᠪᠠ | ᠨᠠᠷᠢᠰᠣᠯ ᠰᠡᠷᠭᠡᠶᠢᠯᠡᠬᠦ ᠵᠢᠷᠦᠬᠡ ᠡᠯᠢᠭᠡ ᠶᠢᠨ ᠲᠠᠮᠢᠷ ᠢ ᠲᠡᠭᠡᠭᠰᠢᠯᠡᠭᠦᠯᠬᠦ ᠭᠡᠬᠦ ᠵᠡᠷᠭᠡ ᠣᠯᠠᠨ ᠲᠠᠯ᠎ᠠ ᠵᠢᠨᠢᠳᠡᠪᠬᠢᠳᠠᠢ | ᠦᠢᠯᠡᠳᠦᠯ ᠲᠠᠢ ᠪᠠᠶᠢᠳᠠᠭ᠃ ᠬᠦᠮᠣᠨ ᠤ ᠪᠡᠶ᠎ᠡ ᠮᠠᠬᠠᠪᠣᠳ ᠢ ᠬᠠᠯᠠᠭᠤᠨ ᠣᠰᠣᠨ ᠳᠤ ᠵᠣᠬᠢᠬᠤ ᠴᠠᠭ ᠲᠡᠪᠳᠦᠭᠡᠪᠡᠯ | ᠬᠦᠮᠣᠨ ᠤ ᠪᠡᠶ᠎ᠡ ᠶᠢᠨ ᠬᠠᠶᠠᠭᠳᠠᠮᠡᠯ ᠣᠰᠣ ᠶᠢ ᠰᠢᠬᠠᠨ ᠭᠠᠷᠭᠠᠵᠣ ﹇ᠬᠦᠯᠦᠰᠦ ᠭᠠᠷᠭᠠᠬᠤ﹈ᠮᠠᠷᠢᠶ᠎ᠠ ᠪᠠᠭᠤᠷᠠᠭᠤᠯᠬᠤ | ᠵᠣᠷᠢᠯᠭ᠎ᠠ ᠳᠤ ᠬᠦᠷᠴᠣ ᠪᠡᠶ᠎ᠡ ᠮᠠᠬᠠᠪᠣᠳ ᠤᠨ ᠪᠣᠬᠢᠷᠳᠦᠯ ᠢ ᠠᠷᠢᠯᠭᠠᠵᠣ᠂ᠪᠡᠶ᠎ᠡ ᠶᠢ ᠬᠦᠩᠭᠡᠯᠡᠨ ᠴᠢᠰᠣᠨ ᠤ ᠦᠭᠡᠬᠦ | ᠶᠢᠨ ᠦᠨᠳᠦᠷᠵᠢᠯ ᠶᠢ ᠲᠡᠭᠰᠢᠷᠡᠭᠦᠯᠬᠦ ᠵᠣᠷᠢᠭ᠎ᠠ ᠳᠤ ᠬᠦᠷᠴᠣ ᠴᠢᠳᠠᠨ᠎ᠠ︕ ᠷᠠᠰᠢᠶᠠᠯᠠᠬᠤ ᠪᠠᠷ ᠲᠠᠮᠵᠢᠨ ᠡᠪᠡᠳᠴᠢᠨ | ᠡᠮᠬᠡᠭ ᠢ ᠰᠡᠷᠭᠡᠶᠢᠯᠡᠵᠣ ᠵᠠᠰᠠᠬᠤ ᠨᠢ ᠲᠣᠮᠤᠭ ᠠᠴᠠ ᠦᠨᠡᠨ ᠦᠨᠡᠨ ᠠᠴᠠ ᠲᠣᠮᠤᠭ ᠬᠡᠮᠡᠷ ᠬᠦᠮᠣᠰ ᠤᠨ ᠪᠡᠶ᠎ᠡ | ᠮᠠᠬᠠᠪᠣᠳ ᠤᠨ ᠡᠷᠡᠭᠦᠯ ᠴᠢᠬᠢᠷᠠᠭ ᠲᠤ ᠲᠦᠢᠯ ᠤᠨ ᠲᠣᠰᠠᠳᠠᠢ ᠪᠠᠶᠢᠳᠠᠭ ᠶᠣᠮ︕ ᠢᠲᠡᠷ ᠨᠠᠰᠣᠨ ᠤ ᠬᠦᠮᠣᠰ | ᠦᠪᠡᠷ ᠤᠨ ᠡᠷᠡᠭᠦᠯ ᠴᠢᠬᠢᠷᠠᠭ ᠢᠶᠠᠨ ᠪᠠᠳᠦᠯᠠᠬᠤ ᠭᠡᠪᠡᠯ ᠷᠠᠰᠢᠶᠠᠨ ᠤ ᠣᠰᠣᠨ ᠵᠠᠰᠠᠯᠭ᠎ᠠ ᠪᠠᠷ ᠵᠣᠬᠢᠬᠤ ᠬᠤᠭᠤᠴᠠᠭ᠎ᠠ | ᠰᠣᠪᠢᠯᠠᠪᠡᠯ ᠢᠯᠡᠷᠬᠡᠢ ᠲᠣᠰᠠ ᠪᠣᠯᠵᠣ ᠣᠷᠳᠦ ᠨᠠᠰᠣᠯᠠᠵᠣ ᠣᠳᠠᠭᠠᠨ ᠵᠢᠷᠭᠠᠵᠣ ᠴᠢᠳᠠᠨ᠎ᠠ︕ |