11 ᠰᠠᠷ᠎ᠠ ᠶᠢᠨ 3 ᠤ ᠡᠳᠦᠷ᠂ ᠲᠣᠭᠤᠷᠢᠭ ᠤᠨ ᠨᠠᠮ ᠤᠨ ᠬᠤᠷᠢᠶᠠᠨ ᠤ ᠱᠦᠵᠢ ᠯᠢᠦ ᠪᠦᠦ ᠴᠧᠩ | ︽ᠳᠥᠷᠪᠡᠨ ᠥᠬᠡᠶ ᠬᠤᠶᠠᠷ ᠰᠢᠭᠤᠳ︾ ᠬᠡᠯᠪᠡᠷᠢ ᠪᠠᠷ ᠦᠵᠦᠬᠦᠷ ᠭᠤᠤ ᠶᠢᠨ ᠬᠠᠶᠢᠨᠠᠨ ᠬᠡᠰᠡᠭ ᠤᠨ ᠭᠤᠤᠯ ᠤᠨ | ᠵᠠᠮ ᠢ ᠵᠠᠰᠠᠭᠰᠠᠨ ᠠᠬᠢᠴᠠ ᠶᠢᠨ ᠪᠠᠶᠢᠳᠠᠯ ᠢ ᠪᠠᠶᠢᠴᠠᠭᠠᠪᠠ᠃ ᠲᠣᠭᠤᠷᠢᠭ ᠤᠨ ᠤᠳᠤᠷᠢᠳᠤᠯᠭ᠎ᠠ ᠮᠠ ᠺᠠᠢ᠂ ᠶᠠᠩ ᠽᠧ | ᠢᠦᠢ ᠣᠷᠣᠯᠴᠠᠪᠠ᠃ | ᠯᠢᠦ ᠪᠦᠦ ᠴᠧᠩ ᠦᠵᠦᠭᠦᠷ ᠭᠤᠤ ᠶᠢᠨ ᠬᠤᠩ ᠽᠧ ᠠᠵᠤ ᠦᠢᠯᠡᠰ ᠤᠨ ᠬᠡᠰᠡᠭ᠂ ᠲᠠᠢ ᠾᠧ ᠬᠡᠰᠡᠭ᠂ | ᠬᠦᠬᠤᠰᠤ ᠪᠠᠯᠭᠠᠰᠤᠨ ᠤ ᠬᠡᠰᠡᠭ᠂ ᠷᠠᠰᠠᠩ ᠰᠦᠮ᠎ᠡ ᠶᠢᠨ ᠪᠠᠯᠭᠠᠰᠤᠨ ᠤ ᠳᠣᠣᠷᠠᠳᠤ ᠤᠷᠤᠰᠬᠠᠯ ᠤᠨ ᠬᠡᠰᠡᠭ ᠤᠨ | ᠭᠤᠣᠯ ᠤᠨ ᠵᠠᠮ ᠢ ᠵᠠᠰᠠᠬᠤ ᠢᠨᠵᠧᠨᠧᠷᠢᠩ ᠤᠨ ᠠᠬᠢᠴᠠ ᠶᠢᠨ ᠪᠠᠶᠢᠳᠠᠯ ᠢ ᠲᠤᠬᠠᠢ ᠶᠢᠨ ᠭᠠᠵᠠᠷ ᠲᠤᠨᠢ ᠪᠠᠶᠢᠴᠠᠭᠠᠨ | ᠦᠵᠡᠪᠡ᠃ ᠲᠡᠷᠡ ᠬᠡᠯᠡᠬᠦ ᠳᠡᠭᠡᠨ᠂ ᠦᠵᠦᠮᠦᠴᠢᠨ ᠭᠤᠤ ᠭᠤᠣᠯ ᠤᠨ ᠵᠠᠮ ᠢ ᠵᠠᠰᠠᠬᠤ ᠨᠢ ᠭᠤᠣᠯ ᠤᠨ ᠵᠠᠮ ᠤᠨ | ᠦᠶᠡᠷ ᠵᠠᠯᠠᠬᠤ ᠠᠮᠤᠷ ᠲᠦᠪᠰᠢᠨ᠂ ᠠᠮᠢ ᠠᠬᠤᠢ ᠶᠢᠨ ᠣᠷᠴᠢᠨ ᠲᠣᠭᠤᠷᠢᠨ ᠤ ᠬᠠᠮᠠᠭᠠᠯᠠᠯᠲᠠ ᠳᠤ ᠬᠤᠯᠪᠣᠭᠳᠠᠵᠤ | ᠪᠠᠶᠢᠳᠠᠭ᠂ ᠡᠯ᠎ᠡ ᠬᠤᠯᠪᠣᠭᠳᠠᠯ ᠪᠦᠬᠦᠢ ᠰᠠᠯᠠᠭ᠎ᠠ ᠮᠥᠴᠢᠷ ᠤᠨ ᠬᠢᠨ ᠭᠤᠣᠯ ᠤᠨ ᠵᠠᠮ ᠤᠨ ᠵᠠᠰᠠᠯᠲᠠ ᠶᠢᠨ ᠲᠤᠯᠭᠠᠮ᠎ᠠ | ᠰᠡᠳᠬᠢᠯᠭᠡ ᠪᠣᠯᠣᠨ ᠬᠠᠷᠢᠭᠤᠴᠠᠯᠭᠠᠲᠤ ᠰᠡᠳᠬᠢᠯᠭᠡ ᠪᠠᠨ ᠦᠨᠡᠨᠬᠦ ᠴᠢᠩᠭᠠᠳᠬᠠᠵᠤ᠂ ᠨᠢᠭᠡᠳᠦᠯᠲᠡᠢ ᠲᠥᠯᠥᠪᠵᠢᠭᠦᠯᠦᠨ | ᠵᠣᠬᠢᠴᠠᠭᠤᠯᠬᠤ ᠪᠠᠨ ᠴᠢᠩᠭᠠᠳᠬᠠᠵᠤ᠂ ᠣᠯᠣᠯᠴᠠᠭ᠎ᠠ ᠵᠣᠯᠭᠠᠯᠴᠠᠭ᠎ᠠ ᠪᠠᠨ ᠴᠢᠩᠭᠠᠳᠬᠠᠵᠤ᠂ ᠠᠵᠢᠯ ᠤᠨ | ᠬᠠᠮᠲᠤᠷᠠᠯ ᠤᠨ ᠬᠦᠴᠦᠨ ᠢ ᠪᠦᠷᠢᠯᠳᠦᠭᠦᠯᠵᠦ᠂ ᠦᠵᠦᠬᠦᠷ ᠭᠤᠣᠯ ᠤᠨ ᠵᠠᠮ ᠢ ᠵᠠᠰᠠᠬᠤ ᠡᠯ᠎ᠡ ᠵᠦᠢᠯ ᠤᠨ ᠠᠵᠢᠯ ᠢ | ᠪᠦᠬᠦ ᠬᠦᠴᠦᠨ ᠢᠶᠠᠷ ᠢᠶᠠᠨ ᠰᠠᠶᠢᠲᠤᠷ ᠬᠢᠵᠦ᠂ ᠦᠶᠡᠷ ᠤᠰᠤᠲᠤᠯ ᠤᠨ ᠭᠠᠮᠰᠢᠭ ᠢ ᠰᠡᠷᠭᠡᠶᠢᠯᠡᠬᠦ ᠴᠢᠳᠠᠪᠤᠷᠢ ᠪᠠᠨ | ᠴᠢᠨᠠᠭᠰᠢᠳᠠ ᠳᠡᠭᠡᠭᠰᠢᠯᠡᠭᠦᠯᠬᠦ ᠬᠡᠷᠡᠭᠲᠡᠢ ᠭᠡᠵᠡᠢ᠃ ᠠᠵᠢᠯ ᠤᠨ ᠬᠠᠷᠠᠯᠲᠠ ᠪᠠᠨ ᠲᠣᠳᠣᠷᠬᠠᠶᠢᠯᠠᠵᠤ᠂ ᠪᠠᠷᠢᠯᠭ᠎ᠠ ᠶᠢᠨ | ᠬᠤᠭᠤᠴᠠᠭ᠎ᠠ ᠶᠢ ᠲᠣᠩᠭᠤᠷᠠᠭᠤᠯᠤᠨ ᠪᠠᠶᠢᠷᠢᠯᠠᠭᠤᠯᠵᠤ᠂ ᠵᠢᠷᠤᠭ ᠡᠯᠭᠦᠨ ᠪᠠᠶᠢᠯᠳᠤᠵᠤ᠂ ᠬᠥᠮᠦᠨ ᠪᠠ ᠮᠠᠰᠢᠨ | ᠲᠥᠬᠦᠭᠡᠷᠦᠮᠵᠢ ᠶᠢᠨ ᠣᠷᠣᠭᠤᠯᠤᠯᠲᠠ ᠶᠢ ᠦᠷᠭᠦᠯᠵᠢᠯᠡᠨ ᠨᠡᠮᠡᠭᠳᠡᠭᠦᠯᠵᠦ᠂ ᠪᠠᠷᠢᠯᠭ᠎ᠠ ᠶᠢᠨ ᠠᠮᠤᠷ ᠲᠦᠪᠰᠢᠨ ᠢ | ᠪᠠᠲᠤᠯᠠᠭᠰᠠᠨ ᠤᠷᠢᠲᠠᠯ ᠳᠣᠣᠷ᠎ᠠ᠂ ᠠᠷᠭ᠎ᠠ ᠪᠦᠬᠦᠨ ᠢ ᠰᠦᠪᠡᠭᠴᠢᠯᠡᠨ ᠪᠠᠷᠢᠯᠭ᠎ᠠ ᠶᠢᠨ ᠠᠬᠢᠴᠠ ᠶᠢ ᠲᠦᠷᠭᠡᠳᠬᠡᠵᠦ᠂ | ᠪᠦᠬᠦ ᠶᠠᠪᠤᠴᠠ ᠶᠢᠨ ᠶᠠᠰᠤ ᠴᠢᠨᠠᠷ ᠢ ᠡᠵᠡᠮᠳᠡᠬᠦ ᠶᠢ ᠯᠠᠪᠳᠠᠭᠤᠨ ᠪᠠᠲᠤᠲᠠᠢ ᠰᠠᠶᠢᠲᠤᠷ ᠬᠢᠵᠦ᠂ ᠭᠤᠣᠯ ᠤᠨ ᠵᠠᠮ ᠢ | ᠵᠠᠰᠠᠬᠤ ᠢᠨᠵᠧᠨᠧᠷᠢᠩ ᠤᠨ ᠪᠦᠳᠦᠭᠡᠨ ᠪᠠᠶᠢᠭᠤᠯᠤᠯᠲᠠ ᠶᠢ ᠡᠮᠬᠢ ᠵᠢᠷᠤᠮ ᠲᠠᠢ ᠠᠬᠢᠭᠤᠯᠵᠤ᠂ ᠲᠣᠭᠲᠠᠭᠰᠠᠨ | ᠬᠤᠭᠤᠴᠠᠭᠠᠨ ᠳᠤ ᠳᠠᠭᠤᠰᠬᠠᠬᠤ ᠶᠢ ᠪᠠᠲᠤᠯᠠᠬᠤ ᠬᠡᠷᠡᠭᠲᠡᠢ᠃ ︽ᠭᠤᠣᠯ ᠮᠥᠷᠡᠨ ᠤ ᠳᠠᠷᠤᠭ᠎ᠠ ᠶᠢᠨ ᠳᠦᠷᠢᠮ︾ ᠤᠨ | ᠠᠵᠢᠯ ᠤᠨ ᠱᠠᠭᠠᠷᠳᠠᠯᠭ᠎ᠠ ᠶᠢ ᠴᠢᠩᠭ᠎ᠠ ᠨᠠᠶᠢᠳᠠᠪᠤᠷᠢᠵᠢᠭᠤᠯᠵᠤ᠂ ᠭᠤᠣᠯ ᠮᠥᠷᠡᠨ ᠢ ᠲᠣᠭᠤᠷᠢᠨ ᠪᠠᠶᠢᠴᠠᠭᠠᠬᠤ ᠠᠵᠢᠯ ᠢ | ᠪᠠᠶᠢᠩᠭᠤᠵᠢᠭᠤᠯᠤᠨ ᠥᠷᠨᠢᠭᠦᠯᠵᠦ᠂ ᠭᠤᠣᠯ ᠮᠥᠷᠡᠨ ᠤ ᠡᠳᠦᠷ ᠲᠤᠳᠤᠮ ᠤᠨ ᠬᠠᠮᠢᠶᠠᠷᠤᠯᠲᠠ ᠬᠠᠮᠠᠭᠠᠯᠠᠯᠲᠠ ᠶᠢ | ᠴᠢᠩᠭᠠᠳᠬᠠᠵᠤ᠂ ᠭᠤᠣᠯ ᠮᠥᠷᠡᠨ ᠢ ᠬᠠᠮᠠᠭᠠᠯᠠᠬᠤ ᠬᠠᠷᠢᠭᠤᠴᠠᠯᠭ᠎ᠠ ᠲᠠᠢ᠂ ᠭᠤᠣᠯ ᠮᠥᠷᠡᠨ ᠢ ᠬᠠᠮᠠᠭᠠᠯᠠᠬᠤ | ᠬᠠᠷᠢᠭᠤᠴᠠᠯᠭ᠎ᠠ ᠲᠠᠢ᠂ ᠭᠤᠣᠯ ᠮᠥᠷᠡᠨ ᠢ ᠵᠠᠰᠠᠬᠤ ᠬᠠᠷᠢᠭᠤᠴᠠᠯᠭ᠎ᠠ ᠪᠠᠨ ᠭᠦᠢᠴᠡᠳᠬᠡᠬᠦ ᠶᠢ ᠦᠨᠡᠨᠬᠦ ᠪᠡᠶᠡᠯᠡᠭᠦᠯᠬᠦ | ᠬᠡᠷᠡᠭᠲᠡᠢ᠃ |