ᠬᠠᠰᠠᠷ ᠪᠣᠭᠲᠠ
ᠨᠡᠶᠢᠲᠡᠯᠡᠭᠰᠡᠨ ᠴᠠᠭ᠄
2024/3/11
     ᠨᠡᠶᠢᠲᠡ ᠶᠢᠨ ᠣᠨ ᠲᠤᠭᠠᠯᠠᠯ ᠤᠨ1164 ᠣᠨ ︵ᠬᠦᠬᠡ ᠪᠢᠴᠢᠨ ᠵᠢᠯ︶ ᠳᠤ ᠶᠢᠰᠦᠬᠡᠢ ᠪᠠᠭᠠᠲᠤᠷ ᠤᠨ ᠡᠰᠢ ᠬᠠᠲᠤᠨ ᠦᠬᠡᠯᠦᠨ ᠦᠵᠢᠨ ᠤ ᠬᠤᠶᠠᠳᠤᠭᠠᠷ ᠬᠦᠦ ᠬᠠᠰᠠᠷ ᠭᠡᠭᠴᠢ ᠤᠨᠤᠨ ᠮᠦᠷᠡᠨ ᠤ ᠡᠬᠢᠨ ᠳᠠᠬᠢ ᠲᠡᠯᠢᠬᠦᠨ ᠪᠣᠯᠳᠠᠭ ᠭᠡᠳᠡᠭ ᠭᠤᠯᠤᠮᠲᠠ ᠭᠠᠵᠠᠷ ᠲᠤ ᠮᠡᠨᠳᠦᠯᠡᠵᠡᠢ᠃ ᠬᠠᠰᠠᠷ ᠪᠣᠯ ᠠᠬ᠎ᠠ ᠲᠡᠮᠦᠵᠢᠨ ᠢᠶᠠᠨ ᠬᠠᠮᠵᠢᠨ᠂ ᠮᠤᠩᠭᠤᠯ ᠦᠨᠳᠦᠰᠦᠲᠡᠨ ᠤ ᠪᠦᠷᠢᠯᠳᠦᠯ ᠪᠠ ᠬᠦᠭᠵᠢᠯᠲᠡ ᠳᠤ ᠤᠮᠳᠤᠭᠠᠶᠢᠯᠠᠵᠤ ᠦᠯᠦ ᠪᠣᠯᠬᠤ ᠦᠢᠯᠡᠳᠦᠯ ᠦᠵᠡᠬᠦᠯᠦᠭᠰᠡᠨ ᠲᠡᠦᠬᠡᠲᠦ ᠵᠢᠳᠭᠦᠯᠲᠡᠨ ᠪᠣᠯᠣᠨ᠎ᠠ᠃     ᠬᠠᠰᠠᠷ ᠪᠣᠯ ᠮᠤᠩᠭᠤᠯ ᠲᠡᠦᠬᠡᠨ ᠳᠠᠬᠢ ︽ᠶᠡᠷᠦ ᠪᠣᠰᠣ︾ ᠶᠢᠨ ᠬᠦᠮᠦᠨ ᠪᠣᠯᠣᠨ᠎ᠠ᠃ ᠲᠡᠷᠡ ᠮᠤᠩᠭᠤᠯ ᠲᠡᠦᠬᠡᠨ ᠳᠠᠬᠢ ︽ᠶᠡᠷᠦ ᠪᠣᠰᠣ︾ ᠶᠢᠨ ᠴᠠᠭ ᠦᠶ᠎ᠡ ᠳᠤ ᠠᠮᠢᠳᠤᠷᠠᠵᠤ᠂ ︽ᠶᠡᠷᠦ ᠪᠣᠰᠣ︾ ᠶᠢᠨ ᠠᠪᠢᠶᠠᠰ ᠪᠢᠯᠢᠭ ᠲᠠᠢ ᠲᠡᠮᠦᠵᠢᠨ ᠴᠢᠩᠬᠢᠰ ᠬᠠᠭᠠᠨ ᠢ ᠲᠡᠳᠬᠦᠨ ︽ᠶᠡᠷᠦ ᠪᠣᠰᠣ︾ ᠶᠢᠨ ᠦᠢᠯᠡᠰ ᠢ ᠬᠠᠮᠲᠤ ᠪᠠᠷ ᠪᠦᠲᠦᠭᠡᠭᠰᠡᠨ ᠪᠠᠶᠢᠵᠠᠢ᠃ ᠬᠠᠰᠠᠷ 64 ᠨᠠᠰᠣᠲᠠᠢ ᠳᠤ ᠪᠠᠨ1227 ᠣᠨ ᠳᠤ ᠬᠦᠯ ᠤᠨ ᠲᠤᠯᠢ ᠡᠪᠡᠳᠴᠢᠨ ᠢᠶᠠᠷ ᠦᠪᠡᠷ ᠤᠨ ᠤᠷᠲᠤ ᠠᠭᠤᠷᠤᠭ ᠲᠤ ᠪᠠᠨ ᠨᠠᠰᠤ ᠪᠠᠷᠠᠭᠰᠠᠨ ᠪᠠᠶᠢᠨ᠎ᠠ᠃                                                                                                                                                                          — ᠲᠡᠦᠬᠡᠨ ᠳᠡᠮᠳᠡᠭᠯᠡᠯ ᠠᠴᠠ
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号