︽ᠤᠯᠠᠭᠠᠨ ᠵᠡᠭᠦᠳᠦ︾ | ᠳ᠋᠊᠂ ᠫᠥᠷᠪᠤᠳᠦᠷᠵᠢ ᠶᠢᠨ ︽ᠤᠯᠠᠭᠠᠨ ᠵᠡᠭᠦᠳᠦ︾ ᠭᠡᠬᠦ ᠨᠣᠮ ︽ᠣᠯᠠᠭᠠᠨ ᠵᠡᠭᠦᠳᠦ︾ ︽ᠲᠠᠷᠴᠢᠯᠠᠭᠰᠠᠨ | ᠵᠡᠭᠦᠳᠦ︾ ︽ᠨᠠᠷᠠᠨ ᠤ ᠵᠢᠪᠠᠷ︾ ᠭᠡᠬᠦ ᠭᠤᠷᠪᠠᠨ ᠵᠣᠬᠢᠶᠠᠯ ᠢᠶᠠᠷ ᠪᠦᠷᠢᠯᠳᠦᠵᠡᠢ᠃ | ︽ᠤᠯᠠᠭᠠᠨ ᠵᠡᠭᠦᠳᠦ︾ ᠭᠡᠬᠦ ᠨᠣᠮ ᠢ ᠤᠩᠰᠢᠬᠤ ᠪᠠᠷ ᠠᠮᠢᠳᠤᠷᠠᠯ ᠦᠨᠡᠨ ᠳᠤ ᠪᠠᠨ ᠨᠢᠭᠡᠨ ᠠᠩᠬᠢ ᠵᠡᠬᠦᠲᠦ | ᠪᠠᠶᠢᠵᠠᠢ ᠭᠡᠵᠦ ᠪᠤᠳᠤᠮᠠᠷ᠃ ᠶᠢᠷᠳᠢᠨᠴᠣ ᠶᠢᠨ ᠤᠯᠠᠭᠠᠨ ᠲᠣᠭᠤᠰᠣ ᠶᠢ ᠬᠦᠳᠡᠯᠭᠡᠵᠦ ᠠᠮᠢᠳᠤ ᠶᠠᠪᠤᠭ᠎ᠠ ᠨᠠᠰᠣᠨ ᠳᠤ | ᠪᠠᠨ ᠦᠨᠥ ᠮᠠᠷᠭᠠᠰᠢ ᠶᠠᠭᠤ ᠪᠣᠯᠵᠤ ᠶᠠᠮᠠᠷ ᠤᠴᠢᠷ ᠦᠢᠯᠡ ᠲᠣᠬᠢᠶᠠᠯᠳᠤᠬᠤ᠂ ᠶᠠᠭᠠᠬᠢᠵᠣ ᠲᠤᠭᠤᠯᠵᠤ | ᠥᠩᠭᠡᠷᠡᠭᠦᠯᠳᠡᠭ ᠭᠡᠳᠡᠭ ᠢᠶᠠᠨ ᠬᠡᠨ ᠴᠤ ᠣᠷᠢᠳᠴᠢᠯᠡᠨ ᠰᠣᠪᠢᠵᠣ ᠮᠡᠳᠡᠳᠡᠭ ᠦᠭᠡᠢ ᠪᠠᠶᠢᠵᠠᠢ᠃ ᠲᠡᠭᠡᠳᠡᠭ ᠪᠠᠶᠢᠳᠠᠯ᠎ᠠ | ᠪᠠᠨ ᠬᠡᠨ ᠨᠢᠭᠡ ᠪᠠᠨ ᠬᠠᠷᠠᠳᠠᠨ ᠰᠠᠨᠠᠵᠤ᠂ ᠬᠡᠨ ᠨᠢᠭᠡᠨ ᠢ ᠪᠠᠨ ᠠᠷᠢᠶᠠᠳᠠᠨ ᠮᠡᠲᠦ ᠬᠠᠶᠢᠷ ᠨᠠᠶᠢᠷ ᠦᠭᠡᠢ ᠲᠠᠭᠠᠷᠢᠵᠣ | ᠭᠠᠷᠳᠠᠭ ᠨᠢ ᠶᠠᠭᠤᠨ ᠳᠤ ᠪᠠᠨ ᠪᠢᠯᠡ ᠭᠡᠵᠦ ᠬᠠᠷᠠᠰᠠᠮᠠᠷ᠃ | ᠪᠦᠳᠦᠴᠢᠨ ᠪᠦᠳᠦᠴᠢᠨ ᠪᠠᠶᠢᠵᠦ ᠤᠬᠠᠭ᠎ᠠ ᠰᠠᠭᠤᠵᠤ᠂ ᠦᠬᠦᠵᠦ ᠤᠨᠠᠨ ᠪᠠᠶᠢᠵᠤ ᠰᠡᠷᠡᠯ ᠮᠡᠳᠡᠯ ᠲᠠᠢ | ᠪᠣᠯᠳᠠᠭ ᠨᠢ ᠬᠦᠮᠦᠨ ᠤ ᠶᠣᠰᠤᠨ ᠪᠢᠯᠢᠤ᠃ | ᠤᠯᠠᠩᠬᠢ ᠨᠢ ᠤᠷᠢᠲᠦ ᠨᠠᠰᠣᠨ ᠤ ᠦᠢᠯᠡ ᠶᠢᠨ ᠦᠷ᠎ᠡ ᠪᠠᠨ ᠡᠨᠡ ᠨᠠᠰᠣᠨ ᠳᠤ ᠪᠠᠨ ᠬᠠᠷᠢᠭᠤᠯᠬᠤ ᠭᠡᠵᠦ | ᠲᠠᠷᠴᠢᠯᠡᠵᠦ ᠲᠡᠨᠤᠵᠦ ᠭᠠᠰᠠᠯᠵᠣ ᠶᠠᠪᠤᠳᠠᠭ ᠪᠢᠯᠢᠤ᠂ ᠡᠰᠡᠭᠦᠯ᠎ᠡ ᠁ ᠬᠦᠮᠦᠨ ᠵᠠᠷᠢᠮ ᠳᠤ ᠪᠠᠨ ᠬᠡᠨ ᠨᠢᠭᠡ ᠶᠢ | ᠪᠠᠨ ᠬᠠᠷᠠᠳᠠᠨ ᠰᠠᠨᠠᠳᠠᠭ ᠪᠦᠭᠡᠳ ᠲᠡᠬᠦᠨ ᠢ ᠪᠠᠨ ᠣᠷᠤᠯᠳᠤᠵᠣ ᠦᠪᠡᠷ ᠪᠡᠶ᠎ᠡ ᠪᠠᠨ ᠲᠠᠮᠤᠯᠠᠭᠰᠠᠭᠠᠷ ᠪᠠᠶᠢᠵᠦ ᠰᠠᠨᠠᠭ᠎ᠠ | ᠲᠠᠢ ᠰᠠᠨᠠᠭ᠎ᠠ ᠦᠭᠡᠢ ᠤᠯᠠᠨ ᠨᠢᠭᠦᠯ ᠪᠣᠶᠠᠨ ᠦᠢᠯᠡᠳᠴᠤ ᠶᠠᠪᠤᠳᠠᠭ ᠶᠤᠮ ᠪᠠᠶᠢᠭ᠎ᠠ᠃ ᠬᠡᠵᠢᠶ᠎ᠡ ᠬᠤᠶᠢᠨ᠎ᠠ ᠨᠢ | ᠬᠦᠮᠦᠨ ᠤ ᠬᠤᠷᠸ᠎ᠠ ᠠᠴᠠ ᠠᠩᠬᠢᠵᠢᠷᠠᠬᠤ ᠠᠭᠰᠠᠨ ᠳᠤ ᠬᠦᠮᠦᠨ ᠲᠦᠷᠦᠯᠬᠢᠳᠡᠨ ᠤ ᠮᠣᠩᠬᠠᠷᠠᠯ᠂ ᠲᠠᠴᠢᠶᠠ᠊᠂ | ᠬᠤᠮᠤᠬᠠᠶᠢᠷᠠᠯ᠂ ᠪᠣᠷᠤᠩᠬᠠᠢ ᠦᠢᠯᠡ ᠤᠳ ᠢᠶᠠᠨ ᠡᠷᠬᠢᠴᠡᠭᠦᠯᠦᠨ ᠰᠠᠨᠠᠬᠤ ᠠᠴᠠ ᠰᠣᠴᠢᠨ ᠭᠠᠶᠢᠬᠠᠳᠠᠭ ᠶᠤᠮ ᠪᠠᠶᠢᠨ᠎ᠠ᠃ | ᠠᠷᠭ᠎ᠠ ᠪᠢᠯᠢᠭ ᠤᠨ ᠤᠬᠠᠭᠠᠨ᠂ ᠠᠮᠠᠷᠠᠭ ᠰᠡᠳᠬᠢᠯ ᠤᠨ ᠬᠦᠯᠴᠦᠭᠦᠷᠡᠯ᠂ ᠭᠤᠨᠢᠭᠲᠤ ᠲᠠᠶᠢᠳᠬᠤᠷᠠᠯ᠂ ᠠᠳᠬᠠᠭ | ᠰᠡᠳᠬᠢᠯ ᠤᠨ ᠲᠠᠷᠠᠰᠤᠨ᠂ ᠁ | ᠲᠤᠷᠠᠯᠠᠯ ᠳᠤ ᠬᠦᠮᠦᠨ ᠰᠣᠬᠤᠷᠠᠵᠣ᠂ ᠴᠢᠬᠢ ᠲᠦᠯᠡᠶᠢᠷᠡᠳᠡᠭ ᠴᠤ ᠬᠠᠶᠢᠷ᠎ᠠ ᠳᠤ ᠬᠠᠷᠠᠭ᠎ᠠ ᠤᠷᠣᠳᠠᠭ ᠨᠢ | ᠦᠨᠡᠨ ᠪᠠᠶᠢᠵᠠᠢᠭᠡᠵᠦ ᠲᠤᠰ ᠨᠣᠮ ᠤᠴᠢᠷᠯᠠᠵᠤ ᠪᠠᠶᠢᠮᠠᠷ᠃ ᠶᠠᠭᠤᠮ᠎ᠠ ᠪᠦᠬᠦᠨ ᠤᠴᠢᠷ ᠲᠠᠢ ᠪᠠᠶᠢᠳᠠᠭ ᠪᠠᠶᠢᠨ᠎ᠠ᠃ | ᠠᠮᠢᠳᠤᠷᠠᠯ ᠤᠨ ᠬᠠᠷ᠎ᠠ ᠪᠠᠷᠠᠭᠠᠨ ᠵᠡᠭᠦᠳᠦ ᠠᠴᠠ ᠁ | ᠦᠨᠡᠨᠳᠡᠭᠡᠨ ᠠᠮᠢᠳᠤᠷᠠᠯ ᠭᠡᠵᠦ ᠵᠡᠭᠦᠳᠦ ᠶᠣᠮᠰᠠᠨ᠂ ᠬᠦᠮᠦᠨ ᠨᠤᠶᠢᠷ ᠲᠤ ᠪᠠᠨ ᠲᠡᠳᠦᠢ ᠦᠭᠡᠢ | ᠰᠡᠷᠡᠬᠦᠨ ᠢᠶᠠᠷ ᠢᠶᠠᠨ ᠭᠡᠰᠡᠨ ᠵᠡᠭᠦᠳᠦ ᠮᠠᠨᠠᠵᠤ ᠶᠠᠪᠤᠳᠠᠭ ᠪᠠᠶᠢᠵᠠᠢ᠃ | ᠲᠤᠰ ᠨᠣᠮ ᠢ ᠤᠩᠰᠢᠭᠠᠳ ᠲᠠᠭᠤᠰᠬᠤ ᠳᠤ ᠮᠠᠰᠢ ᠤᠯᠠᠨ ᠶᠠᠭᠤᠮ᠎ᠠ ᠮᠡᠳᠡᠭᠰᠡᠨ ᠰᠣᠷᠣᠭᠰᠠᠨ ᠰᠡᠷᠡᠵᠦ | ᠣᠯᠤᠭᠰᠠᠨ ᠰᠢᠤᠬᠠᠨ ᠰᠠᠨᠠᠭᠳᠠᠭᠰᠠᠨ ᠴᠤ ᠪᠢᠴᠢᠵᠦ ᠦᠨᠡᠯᠡᠮᠡᠷ ᠴᠢᠳᠡᠪᠤᠷᠢ ᠬᠤᠮᠰᠠᠳᠠᠭᠠᠳ ᠨᠢᠭᠡᠨ ᠵᠡᠷᠬᠡ ᠨᠠᠮ | ᠰᠠᠭᠤᠭᠰᠠᠨ ᠢᠶᠠᠨ ᠪᠤᠳᠣᠯ ᠳᠤ ᠢᠪᠡᠨ ᠣᠷᠤᠭᠰᠠᠨ ᠢᠶᠠᠨ ᠬᠡᠰᠡᠭ ᠪᠣᠰᠠᠭ ᠲᠡᠮᠳᠡᠭᠯᠡᠵᠦ ᠲᠠᠯᠪᠢᠭᠰᠠᠨ | ᠲᠡᠳᠦᠢ ᠪᠦᠯᠦᠭᠡ᠃ | | |