ᠭᠡᠰᠡᠷ ᠤᠨ ᠲᠤᠭᠤᠵᠢ
ᠨᠡᠶᠢᠲᠡᠯᠡᠭᠰᠡᠨ ᠴᠠᠭ᠄
2024/3/11
     ᠮᠤᠩᠭᠤᠯ᠂ ᠲᠦᠪᠡᠳ ᠬᠤᠶᠠᠷ ᠦᠨᠳᠦᠰᠦᠲᠡᠨ ᠤ ᠲᠤᠲᠤᠷ᠎ᠠ ᠡᠷᠲᠡ ᠳᠡᠭᠡᠷ᠎ᠡ ᠦᠶ᠎ᠡ ᠠᠴᠠ ᠤᠯᠠᠮᠵᠢᠯᠠᠭᠳᠠᠵᠤ ᠢᠷᠡᠭᠰᠡᠨ ᠠᠷᠠᠳ ᠤᠨ ᠠᠮᠠᠨ ᠵᠤᠬᠢᠶᠠᠯ ᠤᠨ ᠪᠠᠭᠠᠲᠤᠷᠯᠢᠭ ᠲᠤᠤᠯᠢ ᠮᠦᠨ᠃ ᠡᠨᠡ ᠪᠣᠯ ᠮᠠᠨ ᠤ ᠤᠯᠤᠰ ᠤᠨ ᠤᠷᠠᠨ ᠵᠤᠬᠢᠶᠠᠯ ᠤᠨ ᠡᠷᠳᠡᠨᠢᠰ ᠤᠨ ᠰᠠᠩ ᠳᠤ ᠲᠤᠲᠠᠭᠳᠠᠵᠤ ᠪᠣᠯᠣᠰᠢ ᠦᠭᠡᠢ ᠨᠢᠭᠡᠨ ᠴᠢᠬᠤᠯᠠ ᠪᠦᠲᠦᠭᠡᠯ ᠮᠦᠨ᠃ ᠢᠯᠠᠩᠭᠤᠶ᠎ᠠ ᠮᠤᠩᠭᠤᠯ᠂ ᠲᠦᠪᠡᠳ ᠦᠨᠳᠦᠰᠦᠲᠡᠨ ᠤ ᠤᠷᠠᠨ ᠵᠤᠬᠢᠶᠠᠯ ᠤᠨ ᠲᠡᠦᠬᠡᠨ ᠳᠤ ᠪᠣᠯ ᠲᠤᠰ ᠲᠤᠰ ᠵᠤᠬᠢᠬᠤ ᠪᠠᠶᠢᠷᠢ ᠪᠠᠨ ᠤᠯᠪᠠᠯ ᠵᠤᠬᠢᠬᠤ ᠰᠢᠯᠢᠳᠡᠭ ᠪᠦᠲᠦᠭᠡᠯ ᠮᠦᠨ᠃ ᠲᠡᠦᠬᠡᠨ ᠲᠡᠮᠳᠡᠭᠯᠡᠯ ᠪᠠ ᠡᠷᠳᠡᠮᠳᠡᠳ ᠤᠨ ᠰᠣᠳᠣᠯᠵᠤ ᠤᠯᠤᠭᠰᠠᠨ ᠠᠴᠠ ᠦᠵᠡᠪᠡᠯ ︽ᠭᠡᠰᠡᠷ ᠤᠨ ᠲᠤᠭᠤᠵᠢ︾ ᠶᠢ ᠤᠤᠯ ᠨᠢ ᠴᠤᠶᠢᠪᠠᠪ ᠭᠡᠳᠡᠭ ᠨᠡᠷ᠎ᠡ ᠲᠠᠢ ᠰᠢᠯᠦᠭᠴᠢ ᠪᠢᠴᠢᠵᠡᠢ᠃ ᠭᠡᠪᠡᠴᠦ ᠲᠡᠷᠡ ᠪᠣᠯ ᠣᠳᠣ ᠶᠢᠨ ᠳᠡᠯᠭᠡᠷᠡᠵᠦ ᠪᠠᠶᠢᠭ᠎ᠠ ᠪᠦᠬᠦ ᠭᠡᠰᠡᠷ ᠢ ᠪᠢᠴᠢᠭᠰᠡᠨ ᠪᠢᠰᠢ᠂ᠵᠦᠪᠬᠡᠨ ︽ᠭᠡᠰᠡᠷ ᠤᠨ ᠲᠤᠭᠤᠵᠢ︾ ᠶᠢᠨ ᠡᠬᠢᠯᠡᠯᠲᠡ ᠶᠢᠨ ᠪᠦᠯᠦᠭ ᠪᠠ ᠰᠠᠷᠠᠶᠢᠭᠤᠤᠯ ᠤᠨ ᠪᠠᠶᠢᠯᠳᠤᠭᠠᠨ ᠤ ᠪᠦᠯᠦᠭ ᠬᠤᠶᠠᠷᠬᠠᠨ ᠢ ᠪᠢᠴᠢᠭᠰᠡᠨ ᠲᠦᠯᠦᠪ ᠲᠠᠢ᠃ ᠭᠡᠲᠡᠯ᠎ᠡ ᠣᠳᠣ ᠦᠷᠭᠡᠨ ᠢᠶᠠᠷ ᠳᠡᠯᠭᠡᠷᠡᠵᠦ ᠪᠠᠶᠢᠭ᠎ᠠ ︽ᠭᠡᠰᠡᠷ ᠤᠨ ᠲᠤᠭᠤᠵᠢ︾ ᠪᠣᠯ ᠡᠨᠡᠭᠡᠨ ᠪᠢᠰᠢ᠃ ᠲᠦᠪᠡᠳ ᠭᠡᠰᠡᠷ ᠢᠶᠠᠷ ᠠᠪᠤᠭᠠᠳ ᠬᠡᠯᠡᠬᠦ ᠳᠤ ︽ᠳᠤᠷᠤᠨᠠᠲᠤ ᠲᠦᠪᠡᠳ ᠤᠨ ᠭᠡᠰᠡᠷ︾᠂ ︽ᠦᠷᠦᠨᠡᠲᠦ ᠲᠦᠪᠡᠳ ᠤᠨ ᠭᠡᠰᠡᠷ︾᠂ ︽ᠲᠦᠪᠡᠳ ᠪᠢᠴᠢᠮᠡᠯ ᠭᠡᠰᠡᠷ︾ ᠭᠡᠵᠦ ᠤᠯᠠᠨ ᠵᠦᠢᠯ ᠪᠠᠶᠢᠬᠤ  ᠪᠠᠷ ᠪᠠᠷᠠᠬᠤ ᠦᠭᠡᠢ ︽ᠲᠦᠪᠡᠳ ᠪᠢᠴᠢᠮᠡᠯ ᠭᠡᠰᠡᠷ︾ ᠨᠢ ᠴᠦ ︽A ᠭᠡᠰᠡᠷ︾᠂ ︽B ᠭᠡᠰᠡᠷ︾᠂ ︽BO ᠭᠡᠰᠡᠷ︾ ᠁ ᠭᠡᠬᠦ ᠮᠡᠲᠦ ᠤᠯᠠᠨ ᠵᠦᠢᠯ ᠤᠨ ᠠᠳᠠᠯᠢ ᠪᠣᠰᠣ ︽ᠭᠡᠰᠡᠷ︾ ᠪᠠᠶᠢᠨ᠎ᠠ᠃ ᠢᠯᠠᠩᠭᠤᠶ᠎ᠠ ᠮᠠᠨ ᠤ ᠮᠤᠩᠭᠤᠯ ︽ᠭᠡᠰᠡᠷ ᠤᠨ ᠲᠤᠭᠤᠵᠢ︾ ᠪᠠᠷ ᠠᠪᠤᠭᠠᠳ ᠬᠡᠯᠡᠪᠡᠯ᠄ ᠪᠡᠭᠡᠵᠢᠩ ᠪᠠᠷ ᠤᠨ ᠭᠡᠰᠡᠷ᠂ ᠵᠠᠶᠠᠭ᠎ᠠ ᠶᠢᠨ ᠬᠦᠷᠢᠶᠡᠨ ᠤ ᠭᠡᠰᠡᠷ᠂ ᠮᠤᠩᠭᠤᠯ ᠯᠢᠩ ᠭᠡᠰᠡᠷ᠂ ᠪᠦᠷᠢᠶᠡᠳ ᠭᠡᠰᠡᠷ ᠤᠨ ᠲᠤᠭᠤᠵᠢ᠂ ᠤᠶᠢᠷᠠᠳ ᠭᠡᠰᠡᠷ ᠤᠨ ᠲᠤᠭᠤᠵᠢ ᠭᠡᠬᠦ ᠵᠡᠷᠭᠡ ᠪᠠᠷ ᠤᠯᠠᠨ ᠵᠦᠢᠯ ᠪᠠᠶᠢᠨ᠎ᠠ᠃ ᠡᠶᠢᠨ ᠬᠦ ᠮᠤᠩᠭᠤᠯ ︽ᠭᠡᠰᠡᠷ ᠤᠨ ᠲᠤᠭᠤᠵᠢ︾ ᠠᠭᠤᠯᠭ᠎ᠠ ᠪᠠᠭᠲᠠᠭᠠᠮᠵᠢ ᠶᠢᠨ ᠲᠠᠯ᠎ᠠ ᠪᠠᠷ ᠴᠤᠶᠢᠪᠠᠪ ᠤᠨ ᠪᠢᠴᠢᠭᠰᠡᠨ ᠲᠡᠷᠡ ᠬᠤᠶᠠᠷ ᠪᠦᠯᠦᠭ ᠲᠠᠢ ᠬᠠᠷᠢᠴᠠᠭᠤᠯᠪᠠᠯ ᠲᠠᠨᠢᠭᠳᠠᠰᠢ ᠦᠭᠡᠢ ᠶᠠᠭᠤᠮ᠎ᠠ ᠪᠣᠯᠣᠭᠰᠠᠨ ᠢᠶᠠᠷ ᠪᠠᠷᠠᠬᠤ ᠦᠭᠡᠢ᠂ ᠤᠳᠤ ᠲᠦᠪᠡᠳ ᠤᠷᠤᠨ ᠢᠶᠠᠷ ᠦᠷᠭᠡᠨ ᠳᠡᠯᠭᠡᠷᠡᠵᠦ ᠪᠠᠶᠢᠭ᠎ᠠ ︽ᠭᠡᠰᠡᠷ︾ ᠤᠳ ᠲᠠᠢ ᠨᠢ ᠴᠦ ᠠᠭᠤᠯᠭ᠎ᠠ ᠪᠠ ᠳᠦᠷᠢ ᠶᠢᠨ ᠲᠠᠯ᠎ᠠ ᠪᠠᠷ ᠢᠶᠠᠨ ᠤᠨᠳᠤᠤ ᠤᠨᠳᠤᠤ ᠪᠣᠯᠬᠤ ᠲᠤᠲᠤᠷᠬᠠᠢ ᠢᠯᠭᠠᠭ᠎ᠠ ᠲᠠᠢ ᠶᠤᠮ᠃ ︽ᠭᠡᠰᠡᠷ ᠤᠨ ᠲᠤᠭᠤᠵᠢ︾ ᠮᠠᠨ ᠤ ᠮᠤᠩᠭᠤᠯ ᠬᠡᠯᠡᠨ ᠳᠤ ᠪᠢᠴᠢᠭ ᠢᠶᠠᠷ ᠡᠶᠢᠨ ᠬᠦ ᠦᠷᠭᠡᠨ ᠳᠡᠯᠭᠡᠷᠡᠵᠦ ᠪᠠᠶᠢᠬᠤ ᠪᠠᠷ ᠪᠠᠷᠠᠬᠤ ᠦᠭᠡᠢ ᠬᠤᠭᠤᠷ ᠤᠨ ᠦᠯᠢᠭᠡᠷ ᠤᠨ ᠬᠡᠯᠪᠡᠷᠢ᠂ ᠬᠤᠯᠪᠣᠭ᠎ᠠ ᠰᠢᠯᠦᠭ ᠤᠨ ᠬᠡᠯᠪᠡᠷᠢ ᠲᠠᠢ ᠠᠮᠠᠨ ᠶᠠᠷᠢᠶ᠎ᠠ ᠪᠠᠷ ᠴᠦ ᠲᠤᠩ ᠦᠷᠭᠡᠨ ᠳᠡᠯᠭᠡᠷᠡᠵᠦ ᠪᠠᠶᠢᠭ᠎ᠠ ᠶᠤᠮ᠃ ᠲᠡᠶᠢᠮᠦ ᠠᠴᠠ ᠲᠡᠬᠦᠨ ᠤ ᠮᠠᠨ ᠤ ᠤᠷᠠᠨ ᠵᠤᠬᠢᠶᠠᠯ ᠤᠨ ᠡᠩᠨᠡᠭᠡ ᠳᠤ ᠦᠵᠡᠬᠦᠯᠵᠦ ᠪᠠᠶᠢᠭ᠎ᠠ ᠨᠦᠯᠦᠭᠡ ᠪᠣᠯ ᠬᠡᠮᠵᠢᠶᠡᠯᠡᠰᠢ ᠦᠭᠡᠢ ᠶᠤᠮ᠃ ᠲᠡᠭᠦᠨᠴᠢᠯᠡᠨ ᠪᠢᠴᠢᠭᠡᠳ ᠪᠠᠶᠢᠭ᠎ᠠ ᠬᠡᠰᠡᠭ ᠪᠦᠯᠦᠭ ᠨᠢ᠂ ᠮᠠᠨ ᠤ ᠬᠢᠨ ᠤ ᠦᠷᠨᠢᠬᠦᠯᠦᠨ ᠵᠤᠬᠢᠶᠠᠬᠤ ᠦᠨᠢᠷ ᠪᠠᠶᠠᠯᠢᠭ ᠰᠡᠳᠦᠪ ᠪᠣᠯᠵᠤ ᠪᠠᠶᠢᠭ᠎ᠠ ᠶᠤᠮ᠃ ᠡᠭᠦᠨ  ᠳᠤ ᠪᠢᠳᠡ ᠵᠢᠱᠢᠶ᠎ᠡ ᠪᠣᠯᠭᠠᠵᠤ ᠮᠠᠨ ᠤ ᠢᠷᠠᠭᠤ ᠰᠢᠯᠦᠭᠴᠢ ᠨᠠ᠊ ᠰᠠᠶᠢᠨᠴᠤᠭᠲᠤ ᠭᠤᠸᠠᠢ ᠶᠢᠨ ︽ᠭᠡᠰᠡᠷ ᠤᠨ ᠲᠤᠭᠤᠵᠢ︾  ᠶᠢᠨ ᠨᠢᠬᠡᠨ ᠪᠦᠯᠦᠭ ᠢ ᠠᠪᠴᠤ ᠤᠳᠤ ᠶᠢᠨ ᠮᠤᠩᠭᠤᠯ ᠬᠡᠯᠡᠨ ᠳᠡᠭᠡᠷ᠎ᠡ ᠣᠷᠴᠢᠭᠤᠯᠤᠨ ᠵᠤᠬᠢᠶᠠᠭᠰᠠᠨ ︽ᠠᠷᠣᠯᠣᠭᠤᠸ᠎ᠠ︾ ᠶᠢ ᠰᠠᠨᠠᠵᠤ ᠪᠣᠯᠬᠤ ᠶᠤᠮ᠃
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号