ᠤᠯᠠᠭᠠᠨ ᠪᠤᠳᠤᠩ
ᠨᠡᠶᠢᠲᠡᠯᠡᠭᠰᠡᠨ ᠴᠠᠭ᠄
2024/3/11
     ︽ᠮᠤᠩᠭᠤᠯ  ᠤᠨ ᠮᠠᠯᠵᠢᠭᠰᠠᠨ ᠲᠡᠮᠳᠡᠭᠯᠡᠯ︾ ᠭᠡᠳᠡᠭ ᠨᠤᠮ  ᠤᠨ ᠭᠡᠰᠢᠭᠳᠡᠨ ᠠᠶᠢᠮᠠᠭ  ᠤᠨ ᠪᠦᠯᠦᠭ  ᠲᠤ ︽ᠬᠤᠰᠢᠭᠤᠨ  ᠤ ᠪᠠᠷᠠᠭᠤᠨ ᠡᠮᠦᠨ᠎ᠡ ᠭᠤᠴᠢᠨ ᠨᠢᠭᠡᠨ ᠭᠠᠵᠠᠷ  ᠲᠤ ᠦᠨᠳᠦᠷ ᠬᠤᠸ᠋ᠨ ᠠᠭᠤᠯᠨ ᠪᠤᠢ᠃ ᠲᠦᠴᠢᠨ ᠭᠤᠷᠪᠠᠨ ᠭᠠᠵᠠᠷ  ᠲᠤ ᠮᠤᠤᠬᠠᠢ ᠦᠨᠳᠦᠷ ᠠᠭᠤᠯᠨ ᠪᠤᠢ᠃ ᠡᠨ᠋ᠨ ᠬᠤᠶᠠᠷ ᠭᠠᠵᠠᠷ  ᠲᠤ ᠤᠯᠠᠭᠠᠨ ᠪᠤᠳᠤᠩ  ᠤᠨ ᠠᠭᠤᠯᠨ ᠪᠤᠢ︾ ᠭᠡᠵᠦ ᠲᠡᠮᠳᠡᠭᠯᠡᠵᠡᠢ᠃ ᠤᠯᠠᠭᠠᠨ ᠪᠤᠳᠤᠩ  ᠤᠨ ᠠᠭᠤᠯᠨ ᠨᠢ ᠤᠷᠤᠢ ᠲᠡᠭᠡᠷ᠎ᠡ  ᠪᠠᠨ ᠲᠡᠭᠰᠢᠬᠡᠨ ᠪᠦᠭᠡᠳ ᠴᠢᠯᠠᠭᠤ ᠨᠢ ᠤᠯᠠᠭᠠᠪᠳᠤᠷ ᠦᠩᠭᠡ ᠲᠠᠢ᠃ ᠬᠤᠯᠨ ᠠᠴᠠ ᠬᠠᠷᠠᠬᠤ  ᠳᠤ ᠪᠤᠳᠤᠩ  ᠤᠨ ᠬᠡᠯᠪᠡᠷᠢ ᠲᠠᠢ ᠲᠤᠯᠨ ᠬᠦᠮᠦᠰ ᠲᠡᠭᠦᠨ  ᠢ ᠤᠯᠠᠭᠠᠨ ᠪᠤᠳᠤᠩ  ᠤᠨ ᠠᠭᠤᠯᠨ ᠭᠡᠵᠡᠢ᠃ ᠤᠯᠠᠭᠠᠨ ᠪᠤᠳᠤᠩ  ᠤᠨ ᠠᠭᠤᠯᠨ  ᠶᠢᠨ ᠠᠷᠤ ᠪᠡᠯ ᠪᠤᠯᠤᠨ ᠡᠮᠦᠨ᠎ᠡ ᠪᠡᠯ ᠨᠢ ᠪᠦᠷ ᠨᠠᠯᠠᠭᠤᠬᠠᠨ ᠪᠠᠶᠢᠳᠠᠭ᠂ ᠪᠠᠷᠠᠭᠤᠨ ᠲᠠᠯ᠎ᠠ  ᠪᠠᠷ ᠨᠢ ᠱᠠᠷᠢᠭ  ᠤᠨ ᠭᠤᠤᠯ  ᠤᠨ ᠨᠢᠭᠡᠨ ᠰᠠᠯᠪᠤᠷᠢ ᠪᠤᠯᠬᠤ ᠬᠠᠷᠭᠠᠨ ᠭᠤᠤᠯ ᠤᠷᠤᠰᠤᠨ ᠦᠩᠭᠡᠷᠡᠬᠦ  ᠳᠤ  ᠪᠠᠨ ᠨᠡᠯᠢᠶᠡᠳ ᠶᠡᠭᠡ ᠬᠡᠪᠴᠢᠶᠡᠨ  ᠤ ᠨᠠᠮᠤᠭ ᠪᠠᠯᠴᠢᠭ ᠦᠯᠡᠳᠡᠭᠡᠵᠡᠢ᠃ ᠠᠭᠤᠯᠨ  ᠶᠢᠨ ᠵᠡᠭᠦᠨ ᠲᠠᠯ᠎ᠠ ᠨᠢ ᠴᠤ ᠨᠠᠮᠤᠭ ᠪᠠᠯᠴᠢᠭ ᠭᠠᠵᠠᠷ ᠪᠤᠯᠤᠨ᠎ᠠ᠃ ᠴᠢᠩ ᠤᠯᠤᠰ  ᠤᠨ ᠦᠶ᠎ᠡ  ᠳᠤ ᠤᠯᠠᠭᠠᠨ ᠪᠤᠳᠤᠩ  ᠤᠨ ᠠᠭᠤᠯᠨ ᠨᠢ ᠤᠢ ᠮᠤᠳᠤ  ᠪᠠᠷ ᠬᠤᠴᠢᠭᠳᠠᠵᠤ ᠪᠠᠶᠢᠵᠠᠢ᠃            ᠵᠠᠪ ᠲᠠᠢ ᠰᠡᠯᠡᠭᠦᠦ ᠲᠠᠢ ᠪᠤᠯᠪᠠᠯ ᠵᠤᠭᠠᠴᠠᠬᠤ  ᠪᠠᠷ ᠤᠴᠢᠬᠤ ᠶᠤᠮᠰᠠᠨ︕
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号