ᠦᠯᠢᠭᠡᠷ ᠡᠬᠢᠯᠡᠬᠦ ᠡᠳᠦᠷ ᠰᠠᠷᠭᠠᠢ ᠨᠢᠭᠡᠨ ᠬᠦᠦ ᠬᠦᠩᠭᠡᠵᠢᠪᠡ᠃ ᠲᠡᠭᠦᠨ ᠳᠤ ᠳᠠᠭᠤᠷᠢᠶᠠᠯ ᠭᠡᠬᠦ ᠨᠡᠷ᠎ᠡ | ᠦᠭᠬᠦ ᠪᠠᠷ ᠲᠦᠷᠦᠬᠦ ᠠᠴᠠ ᠨᠢ ᠡᠮᠦᠨ᠎ᠡ ᠲᠤᠭᠳᠠᠴᠢᠬᠠᠭᠰᠠᠨ ᠶᠤᠮ᠃ ᠡᠮᠨᠡᠯᠭᠡ ᠶᠢᠨ ᠬᠤᠷᠢᠶᠠᠨ ᠠᠴᠠ ᠭᠠᠷᠤᠭᠰᠠᠨ ᠤ | ᠲᠠᠷᠠᠭ᠎ᠠ ᠡᠳᠦᠷ ᠨᠢ ᠡᠯᠡᠰᠦᠨ ᠰᠢᠭᠤᠷᠠᠭ᠎ᠠ ᠶᠡᠭᠡ ᠪᠠᠷ ᠲᠡᠭᠳᠡᠪᠡ᠃ | ᠲᠡᠯᠡᠬᠡᠢ ᠬᠦᠷᠳᠦᠨ ᠲᠠᠰᠤᠷᠠᠯᠳᠠ ᠦᠭᠡᠢ ᠡᠷᠭᠢᠭᠰᠡᠭᠡᠷ ᠬᠤᠷᠢᠨ ᠨᠢᠭᠡᠳᠦᠭᠡᠷ ᠵᠠᠭᠤᠨ ᠤ ᠠᠩᠬᠠᠨ ᠤ | ᠱᠠᠳᠤᠨ ᠳᠤ ᠬᠡᠯᠡ ᠪᠤᠰᠤᠭ᠎ᠠ ᠬᠦᠯ ᠬᠦᠩᠭᠡᠨ ᠠᠯᠬᠤᠨ ᠤᠷᠤᠭᠰᠠᠨ᠂ ᠬᠦᠪᠦᠩ ᠴᠠᠭᠠᠨ ᠡᠭᠦᠯᠡᠨ ᠨᠡᠭᠦᠬᠦ ᠮᠡᠳᠦ | ᠬᠦᠮᠦᠨ ᠠᠷᠠᠳ ᠨᠢ ᠠᠷᠢᠭᠤᠨ ᠴᠠᠶᠢᠯᠭᠠᠨ ᠰᠡᠳᠭᠢᠯ ᠲᠠᠢ᠂ ᠬᠦᠬᠡ ᠮᠤᠩᠭᠤᠯ ᠤᠷᠤᠨ ᠤ ᠬᠦᠪᠡᠭᠡ ᠦᠭᠡᠢ ᠲᠡᠯᠭᠡᠷ | ᠬᠠᠩᠭᠠᠢ ᠨᠤᠳᠤᠭ ᠢᠶᠠᠷ ᠤᠷᠢᠳ ᠡᠮᠦᠨ᠎ᠡ ᠦᠭᠡᠢ ᠴᠠᠭ ᠠᠭᠤᠷ ᠤᠨ ᠬᠤᠪᠢᠷᠠᠯᠳᠠ ᠦᠭᠡᠷᠡᠴᠢᠯᠡᠯᠳᠡ᠂ ᠰᠠᠯᠬᠢ | ᠰᠢᠭᠤᠷᠭᠠᠨ ᠤ ᠭᠤᠶᠠᠳᠠᠯᠳᠠ ᠳᠠᠪᠳᠠᠯᠳᠠ ᠳᠤ ᠤᠴᠠᠷᠠᠨ ᠲᠤᠯᠭᠠᠷᠠᠵᠦ᠂ ᠲᠡᠷᠡ ᠲᠤᠮᠳᠠ ᠠᠴᠠ ᠦᠪᠡᠷ ᠤᠨ ᠤᠷᠤᠰᠢᠨ | ᠲᠤᠭᠳᠠᠨᠢᠬᠤᠢ᠂ ᠦᠭᠰᠦᠨ ᠤᠷᠤᠭᠤᠳᠠᠨ ᠲᠡᠯᠴᠢᠯᠡᠬᠦᠢ ᠬᠦᠴᠢᠷ ᠰᠢᠯᠭᠠᠯᠳᠠ ᠪᠦᠬᠦᠨ ᠢ ᠬᠦᠯᠢᠶᠡᠨ | ᠬᠠᠷᠢᠭᠤᠯᠠᠬᠤ ᠠᠴᠠ ᠤᠨᠳᠤᠦ ᠭᠠᠷᠤᠭ᠎ᠠ ᠦᠭᠡᠢ ᠨᠢ ᠡᠷᠬᠡ ᠦᠭᠡᠢ ᠨᠦᠯᠦᠭᠡᠯᠡᠯ ᠬᠦᠷᠳᠡᠬᠦ ᠰᠤᠩᠭᠤᠯᠳᠠ | ᠠᠵᠠᠢ᠃ | ᠰᠠᠷᠭᠠᠢ ᠶᠢᠨ ᠨᠢᠭᠡ ᠡᠬᠡ ᠦᠭᠡᠷ᠎ᠡ ᠡᠴᠢᠭᠡ ᠠᠴᠠ ᠲᠦᠷᠦᠭᠰᠡᠨ ᠡᠭᠡᠴᠢ ᠰᠦᠮᠡᠨ ᠨᠢ ᠡᠭᠦᠳᠡ ᠳᠦᠯᠬᠢᠵᠦ᠂ | ᠨᠢᠭᠡᠨ ᠨᠢᠯᠬ᠎ᠠ ᠦᠬᠢᠨ ᠲᠡᠪᠡᠷᠢᠨ ᠤᠷᠤᠵᠦ ᠢᠷᠡᠪᠡ᠃ ᠰᠠᠷᠭᠠᠢ᠄ | —ᠡᠨᠡ ᠦᠬᠢᠨ ᠤ ᠲᠦᠷᠦᠭᠰᠡᠨ ᠠᠪᠤ ᠡᠵᠢ ᠶᠢᠨ ᠬᠢᠨ ᠠᠮᠢᠳᠤᠷᠠᠯ ᠨᠢ ᠮᠠᠰᠢ ᠬᠦᠴᠢᠷᠳᠡᠯᠳᠠᠢ ᠪᠤᠯᠬᠤᠷ ᠪᠢ | ᠬᠤᠶᠠᠷ ᠲᠦᠮᠡᠨ ᠲᠦᠭᠦᠷᠢᠭ ᠢᠶᠠᠷ ᠬᠤᠳᠠᠯᠳᠤᠵᠦ ᠠᠪᠤᠭᠰᠠᠨ᠂ ᠤᠳᠦ ᠪᠢᠳᠡ ᠨᠢᠭᠡ ᠯᠡ ᠲᠡᠭᠡᠷ᠎ᠡ ᠬᠦᠦ ᠬᠡᠦᠬᠡᠨ ᠲᠠᠢ | ᠪᠤᠯᠵᠦ᠂ ᠲᠡᠭᠰᠢ ᠪᠠᠷ ᠦᠰᠭᠡᠬᠦ ᠪᠤᠯᠤᠭᠰᠠᠨ ᠪᠢᠰᠢᠦ ᠭᠡᠵᠦ ᠨᠢᠭᠤᠷ ᠲᠦᠭᠦᠷᠡᠩ ᠢᠨᠢᠶᠡᠮᠰᠦᠭᠯᠡᠯ ᠲᠤᠳᠤᠷᠠᠨ᠎ᠠ᠃ | ᠠᠰᠬᠠᠨ ᠪᠠᠭ᠋ᠠᠨ ᠲᠦᠳᠡᠭᠡᠯᠵᠡᠭᠰᠡᠨ ᠢᠶᠠᠨ ᠪᠦᠰᠡᠭᠦᠢ ᠶᠢᠨ ᠬᠢᠨ ᠬᠡᠯᠡᠭᠰᠡᠨ ᠦᠭᠡ ᠪᠠᠰᠠ ᠵᠦᠪᠳᠠᠢ ᠮᠡᠳᠡᠷᠡᠮᠵᠢ | ᠬᠦᠷᠳᠡᠭᠡᠵᠦ᠂ᠲᠡᠭᠷᠢ ᠳᠡᠭᠡᠷ᠎ᠡ ᠠᠴᠠ ᠬᠤᠤᠱᠤᠤᠷ ᠤᠨᠠᠵᠦ ᠢᠷᠡᠭᠰᠡᠨ ᠰᠢᠭ ᠭᠠᠶᠢᠬᠠᠭᠰᠠᠨ ᠬᠤᠶᠢᠨ᠎ᠠ ᠪᠠᠨ ᠪᠠᠶᠠᠰᠴᠠᠢ᠂ | ᠡᠨᠡ ᠦᠬᠢᠨ ᠳᠤ ᠳᠠᠭᠤᠷᠢᠰᠬᠠᠯ ᠭᠡᠬᠦ ᠨᠡᠷ᠎ᠡ ᠦᠭᠪᠡ᠃ ᠲᠠᠨᠢᠯ ᠡᠮᠴᠢ ᠢᠷᠭᠤᠢ ᠶᠢ ᠡᠷᠢᠵᠦ᠂ ᠭᠤᠷᠪᠠᠨ ᠲᠦᠮᠡᠨ | ᠲᠦᠭᠦᠷᠢᠭ ᠭᠠᠷᠳᠠᠭᠤᠯᠵᠦ᠂ ᠱᠤᠤᠭᠢᠶᠠᠨ ᠬᠤᠳᠠ ᠶᠢᠨ ᠡᠮᠨᠡᠯᠭᠡ ᠶᠢᠨ ᠬᠤᠷᠢᠶᠠᠨ ᠠᠴᠠ ᠬᠦᠦ ᠬᠡᠦᠬᠡᠨ ᠵᠦᠢᠷᠡᠢ | ᠬᠦᠩᠭᠡᠵᠢᠭᠰᠡᠨ ᠭᠡᠷᠡᠴᠢ ᠲᠡᠮᠳᠡᠭ ᠪᠢᠴᠢᠭᠦᠯᠵᠦ ᠠᠪᠤᠪᠠ᠃ ᠵᠠᠯᠭᠠᠭᠠᠳ᠂ ᠰᠠᠷᠭᠠᠢ ᠶᠢᠨ ᠲᠡᠭᠦᠦ ᠤᠮᠤᠭᠳᠤ ᠨᠢ | ᠳᠤᠳᠤᠭᠠᠳᠦ ᠶᠢ ᠬᠠᠮᠠᠭᠠᠯᠠᠬᠤ ᠲᠤᠪᠴᠢᠶᠠᠨ ᠳᠤ ᠠᠮᠤᠷ ᠢ ᠬᠠᠮᠠᠭᠠᠯᠠᠬᠤ ᠰᠠᠯᠠᠭᠠᠨ ᠳᠠᠷᠤᠭ᠎ᠠ ᠪᠠᠷ ᠠᠯᠪᠠᠯᠠᠵᠦ ᠪᠠᠶᠢᠬᠤ | ᠪᠤᠯᠬᠤᠷ ᠲᠡᠭᠦᠨ ᠢᠶᠠᠷ ᠳᠠᠮᠵᠢᠨ ᠤᠯᠠᠭᠠᠨ ᠲᠤᠭᠤᠷᠢᠭ ᠤᠨ ᠲᠤᠮᠢᠯᠠᠭᠰᠠᠨ ᠰᠠᠯᠪᠤᠷᠢ ᠶᠢᠨ ᠴᠠᠭᠳᠠᠭᠴᠢ ᠵᠠᠪᠰᠢᠶᠠᠨ ᠳᠤ | ᠲᠠᠪᠤᠨ ᠲᠦᠮᠡᠨ ᠲᠦᠭᠦᠷᠢᠭ ᠠᠳᠬᠤᠭᠤᠯᠵᠦ᠂ ᠰᠠᠷᠭᠠᠢ ᠶᠢᠨ ᠡᠷᠦᠬᠡ ᠠᠮᠠ ᠶᠢᠨ ᠳᠠᠩᠰᠠᠨ ᠳᠤ ᠬᠦᠦ᠂ ᠦᠬᠢᠨ ᠤ | ᠨᠡᠷ᠎ᠡ ᠶᠢ ᠨᠡᠮᠡᠵᠦ ᠤᠷᠤᠭᠤᠯᠠᠪᠠ᠃ ᠰᠠᠷᠭᠠᠢ ᠪᠤᠯ ᠤᠳᠤ ᠳᠤ ᠲᠤᠯᠳᠠᠯ᠎ᠠ ᠭᠤᠷᠪᠠᠳᠠᠬᠢ ᠤᠳᠠᠭ᠎ᠠ ᠪᠠᠨ ᠬᠤᠷᠢᠮᠯᠠᠵᠦ᠂ | ᠡᠷᠦᠬᠡ ᠠᠮᠠ ᠶᠢᠨ ᠳᠠᠩᠰᠠ ᠨᠢ ᠠᠰᠬᠠᠨ ᠲᠠᠢ ᠴᠤᠭ ᠪᠠᠶᠢᠭ᠎ᠠ ᠦᠭᠡᠢ᠃ ᠠᠰᠬᠠᠨ ᠴᠦ ᠬᠤᠶᠠᠳᠠᠬᠢ ᠤᠳᠠᠭ᠎ᠠ ᠪᠠᠨ | ᠬᠤᠷᠢᠮᠯᠠᠵᠦ᠂ ᠤᠤᠯ ᠤᠨ ᠪᠦᠰᠡᠭᠦᠢ ᠠᠴᠠ ᠪᠠᠨ ᠪᠠᠰᠠ ᠨᠢᠭᠡ ᠬᠦᠦ ᠲᠠᠢ ᠶᠤᠮ᠂ ᠡᠨᠡ ᠬᠦᠦ ᠶᠢᠨ ᠨᠡᠷ᠎ᠡ ᠨᠢ ᠤᠨᠴᠠ | ᠭᠡᠳᠡᠭ᠃ | ᠬᠡᠳᠦᠨ ᠰᠠᠷ᠎ᠠ ᠶᠢᠨ ᠲᠠᠷᠠᠭ᠎ᠠ᠂ ᠳᠠᠭᠤᠷᠢᠰᠬᠠᠯ ᠭᠡᠨᠡᠳᠳᠡ ᠪᠠᠷ᠎ᠠ ᠰᠤᠷᠠᠭ ᠠᠯᠠᠭ᠎ᠠ ᠪᠤᠯᠪᠠ᠂ ᠠᠰᠬᠠᠨ ᠬᠡᠳᠦ | ᠤᠳᠠᠭ᠎ᠠ ᠯᠠᠪᠯᠠᠨ ᠠᠰᠠᠭᠤᠭᠰᠠᠨ ᠴᠦ ᠰᠠᠷᠭᠠᠢ ᠡᠨᠡ ᠲᠤᠬᠠᠢ ᠰᠢᠳᠦᠨ ᠠᠴᠠ ᠪᠠᠨ ᠦᠭᠡ ᠴᠤᠬᠤᠶᠢᠯᠭᠠᠭᠰᠠᠨ ᠦᠭᠡᠢ | ᠪᠠᠶᠢᠯ᠎ᠠ᠃ | ᠳᠠᠭᠤᠷᠢᠶᠠᠯ ᠠᠷᠪᠠᠨ ᠲᠠᠪᠤᠨ ᠨᠠᠰᠤᠯᠠᠵᠦ᠂ ᠭᠠᠷᠠᠮᠠᠨ ᠬᠤᠳᠠ ᠶᠢᠨ ᠠᠩᠬ᠎ᠠ ᠳᠤᠮᠳᠠᠳᠤ ᠶᠢᠨ ᠭᠤᠷᠪᠠᠳᠤᠭᠠᠷ | ᠤᠨ ᠳᠤ ᠪᠢᠴᠢᠭ ᠦᠵᠡᠵᠦ ᠪᠠᠶᠢᠪᠠ᠂ ᠲᠡᠭᠦᠨ ᠢ ᠭᠠᠷᠠᠮᠠᠨ ᠬᠤᠳᠠ ᠠᠴᠠ ᠶᠡᠭᠡ ᠰᠤᠷᠭᠠᠭᠤᠯᠢ ᠳᠤ ᠰᠢᠯᠭᠠᠭᠤᠯᠬᠤ ᠶᠢᠨ | ᠲᠦᠯᠦᠭᠡ ᠠᠰᠬᠠᠨ᠂ ᠰᠠᠷᠭᠠᠢ ᠬᠤᠶᠠᠭᠤᠯᠠ ᠡᠷᠦᠬᠡ ᠠᠮᠠ ᠶᠢᠨ ᠬᠠᠮᠢᠶᠠᠷᠤᠯᠳᠠ ᠶᠢᠨ ᠭᠠᠵᠠᠷ ᠬᠦᠷᠴᠦ᠂ ᠡᠷᠦᠬᠡ | ᠰᠢᠯᠵᠢᠭᠦᠯᠬᠦ ᠶᠢ ᠰᠤᠷᠠᠭᠯᠠᠬᠤ ᠳᠤ ᠬᠠᠮᠢᠶᠠᠷᠤᠭᠴᠢ ᠴᠠᠭᠳᠠᠭᠴᠢ ᠨᠠᠶᠢᠷᠰᠠᠭ᠂ ᠡᠷᠦᠬᠡ ᠶᠢᠨ ᠡᠵᠡᠨ ᠰᠠᠷᠭᠠᠢ ᠶᠢᠨ | ᠬᠦᠮᠦᠨ ᠠᠮᠠᠨ ᠶᠢᠨ ᠲᠠᠩᠰᠠᠨ ᠳᠤ ᠰᠠᠷᠭᠠᠢ᠂ ᠢᠮᠢᠨ ︵ᠰᠠᠷᠭᠠᠢ ᠶᠢᠨ ᠬᠡᠦᠬᠡᠨ ᠲᠡᠭᠦᠦ︶᠂ ᠲᠠᠭᠤᠷᠢᠶᠠᠯ᠂ | ᠲᠠᠭᠤᠷᠢᠰᠬᠠᠯ ᠨᠡᠶᠢᠳᠡ ᠳᠦᠷᠪᠡᠨ ᠬᠦᠮᠦᠨ ᠠᠮᠠ ᠪᠠᠶᠢᠬᠤ ᠶᠢ ᠡᠷᠢᠨ ᠪᠠᠶᠢᠴᠠᠭᠠᠵᠦ ᠭᠠᠷᠭᠠᠪᠠ᠃ ᠨᠠᠶᠢᠷᠰᠠᠭ | ᠬᠡᠯᠡᠬᠦ ᠳᠡᠭᠡᠨ ᠵᠦᠢᠷᠠᠢ ᠬᠡᠦᠬᠡᠳ ᠢ ᠬᠤᠶᠠᠳᠤᠭᠠᠷ ᠬᠡᠦᠬᠡᠳ ᠢᠶᠠᠷ ᠲᠡᠮᠳᠡᠭᠯᠡᠬᠦ ᠮᠦᠷᠳᠡᠭᠡᠨ ᠡᠮᠨᠡᠯᠭᠡ ᠶᠢᠨ ᠬᠤᠷᠢᠶᠠᠨ ᠳᠤ | ᠴᠢᠰᠤᠨ ᠲᠦᠷᠦᠯ ᠤᠨ ᠪᠠᠶᠢᠴᠠᠭᠠᠯᠳᠠ ᠬᠢᠬᠦ ᠬᠡᠷᠡᠭᠳᠠᠢ᠂ ᠡᠰᠡᠬᠦᠯ᠎ᠡ ᠠᠰᠠᠷᠠᠨ ᠲᠡᠵᠢᠭᠡᠬᠦ ᠭᠡᠷᠡᠴᠢ ᠪᠠᠶᠢᠬᠤ ᠬᠡᠷᠡᠭᠳᠠᠢ | ᠭᠡᠵᠠᠢ᠃ ᠤᠯᠠᠨ ᠨᠠᠷᠢᠨ ᠲᠦᠪᠡᠭ ᠶᠠᠷᠰᠢᠭ ᠠᠴᠠ ᠵᠠᠶᠢᠯᠠᠰᠭᠢᠬᠤ ᠶᠢᠨ ᠲᠦᠯᠦᠭᠡ ᠠᠰᠬᠠᠨ᠂ ᠰᠠᠷᠭᠠᠢ ᠬᠤᠶᠠᠭᠤᠯᠠ | ᠨᠠᠶᠢᠷᠰᠠᠭ ᠲᠤ ᠬᠤᠶᠠᠷ ᠲᠦᠮᠡᠨ ᠲᠦᠭᠦᠷᠢᠭ ᠬᠦᠷᠭᠡᠪᠡ᠃ ᠨᠠᠶᠢᠷᠰᠠᠭ ᠪᠠᠰᠠ ᠬᠡᠯᠡᠬᠦ ᠳᠡᠭᠡᠨ᠄ | —ᠬᠠᠭᠤᠷᠮᠠᠭ ᠤᠷᠤᠭ ᠰᠠᠯᠤᠯᠳᠠ ᠶᠢᠨ ᠬᠡᠯᠪᠡᠷᠢ ᠪᠠᠷ ᠤᠷᠤᠭ ᠰᠠᠯᠬᠤ ᠬᠡᠯᠡᠯᠴᠡᠭᠡᠷ ᠳᠡᠭᠡᠷ᠎ᠡ ᠠᠰᠬᠠᠨ᠂ | ᠰᠠᠷᠭᠠᠢ ᠬᠤᠶᠠᠭᠤᠯᠠ ᠲᠤᠰᠪᠦᠷᠢ ᠨᠢᠭᠡ ᠬᠡᠦᠬᠡᠳ ︵ᠤᠨᠴᠠ ᠪᠤᠯᠤᠨ ᠲᠠᠭᠤᠷᠢᠶᠠᠯ︶ ᠲᠠᠭᠠᠭᠤᠯᠠᠪᠠᠯ ᠴᠢᠰᠤᠨ | ᠲᠤᠷᠦᠯ ᠤᠨ ᠪᠠᠶᠢᠴᠠᠭᠠᠯᠳᠠ ᠬᠢᠬᠦ ᠦᠭᠡᠢ᠂ ᠳᠠᠷᠤᠢ ᠬᠦᠦ ᠤᠨᠴᠠ ᠶᠢ ᠠᠪᠤ ᠠᠰᠬᠠᠨ ᠤ ᠬᠢᠨ ᠨᠡᠷ᠎ᠡ ᠳᠡᠭᠡᠷ᠎ᠡ | ᠳᠠᠭᠠᠭᠤᠯᠠᠵᠦ᠂ ᠬᠡᠦᠬᠡᠨ ᠲᠠᠭᠤᠷᠢᠶᠠᠯ ᠢ ᠡᠵᠢ ᠰᠠᠷᠭᠠᠢ ᠶᠢᠨ ᠬᠢᠨ ᠨᠡᠷ᠎ᠡ ᠲᠡᠭᠡᠷ᠎ᠡ ᠳᠠᠭᠠᠭᠤᠯᠠᠪᠠᠯ᠂ ᠲᠠᠭᠤᠷᠢᠶᠠᠯ ᠤᠨ | ᠡᠷᠦᠬᠡ ᠠᠮᠠ ᠶᠢ ᠨᠢ ᠭᠠᠷᠠᠮᠠᠨ ᠬᠤᠳᠠ ᠳᠤ ᠰᠢᠯᠵᠢᠭᠦᠯᠵᠦ ᠪᠤᠯᠤᠨ᠎ᠠ ᠭᠡᠪᠡ᠃ | ᠰᠠᠷᠭᠠᠢ᠂ ᠠᠰᠬᠠᠨ ᠲᠠᠢ ᠵᠦᠪᠳᠡᠯᠴᠡᠵᠦ᠄ | —ᠪᠢᠳᠡ ᠬᠤᠶᠠᠭᠤᠯᠠ ᠬᠠᠭᠤᠷᠮᠠᠭ ᠤᠷᠤᠭ ᠰᠠᠯᠤᠭᠰᠠᠨ ᠴᠦ ᠤᠤᠯ ᠶᠠᠩᠵᠦ ᠪᠠᠷ ᠢᠶᠠᠨ ᠬᠠᠮᠳᠤ ᠠᠮᠢᠳᠤᠷᠠᠨ᠎ᠠ᠂ | ᠬᠡᠦᠬᠡᠳ ᠶᠡᠭᠡ ᠰᠤᠷᠭᠠᠭᠤᠯᠢ ᠳᠤ ᠰᠢᠯᠭᠠᠵᠦ ᠤᠷᠤᠭᠰᠠᠨ ᠤ ᠳᠠᠷᠠᠭ᠎ᠠ ᠳᠠᠬᠢᠵᠦ ᠴᠤᠭ ᠬᠤᠷᠢᠮᠯᠠᠵᠦ | ᠪᠤᠯᠤᠨ᠎ᠠ ᠭᠡᠪᠡ᠃ | ᠠᠰᠬᠠᠨ ᠶᠡᠬᠡᠪᠡᠷ ᠡᠷᠡᠭᠡᠯᠵᠡᠨ ᠡᠰᠡ ᠵᠦᠪᠰᠢᠶᠡᠷᠡᠪᠡ᠂ ᠠᠰᠬᠠᠨ ᠤ ᠠᠮᠢ ᠲᠡᠮᠡᠴᠡᠨ ᠤᠯᠤᠭᠰᠠᠨ ᠬᠡᠳᠦᠨ | ᠮᠢᠩᠭᠠᠨ ᠲᠦᠮᠡᠨ ᠲᠦᠭᠦᠷᠢᠭ ᠤᠨ ᠭᠡᠷ ᠬᠦᠷᠦᠩᠭᠡ ᠶᠢᠨ ᠤᠯᠠᠩᠬᠢ ᠨᠢ ᠰᠠᠷᠭᠠᠢ ᠶᠢᠨ ᠨᠡᠷ᠎ᠡ ᠳᠡᠭᠡᠷ᠎ᠡ ᠪᠠᠶᠢᠵᠦ᠂ | ᠠᠰᠬᠠᠨ ᠤ ᠨᠡᠷ᠎ᠡ ᠳᠡᠭᠡᠷ᠎ᠡ ᠵᠦᠪᠬᠡᠨ ᠭᠠᠭᠴᠠ ᠭᠡᠷ ᠪᠠᠶᠢᠳᠠᠭ᠃ ᠰᠠᠷᠭᠠᠢ ᠬᠡᠯᠡᠬᠦ ᠳᠡᠭᠡᠨ᠄ | —ᠪᠢᠳᠡ ᠵᠢᠩᠬᠢᠨᠢ ᠤᠷᠤᠭ ᠰᠠᠯᠤᠭᠰᠠᠨ ᠪᠢᠰᠢ᠂ ᠬᠠᠷᠢᠯᠴᠠᠨ ᠢᠳᠡᠭᠡᠯ ᠢᠶᠠᠨ ᠪᠠᠲᠤᠯᠠᠬᠤ ᠶᠢᠨ ᠲᠦᠯᠦᠭᠡ | ᠬᠠᠭᠤᠷᠮᠠᠭ ᠤᠷᠤᠭ ᠰᠠᠯᠬᠤ ᠬᠡᠯᠡᠯᠴᠡᠭᠡᠷ ᠲᠡᠭᠡᠷ᠎ᠡ ᠬᠤᠶᠠᠭᠤᠯᠠ ᠪᠠᠨ ᠬᠡᠨ ᠠᠯᠢᠨ ᠴᠦ ᠭᠡᠷ ᠬᠦᠷᠦᠩᠭᠡ ᠪᠠ | ᠬᠠᠳᠠᠭᠠᠯᠠᠮᠵᠢ ᠮᠦᠩᠭᠦ ᠦᠭᠡᠢ ᠭᠡᠰᠡᠨ ᠦᠰᠦᠭ ᠪᠢᠴᠢᠪᠡᠯ ᠬᠠᠮᠢᠶ᠎ᠠ ᠦᠭᠡᠢ ᠪᠢᠰᠢᠦ᠂ ᠤᠳᠤ ᠰᠠᠨᠠᠭ᠎ᠠ ᠴᠢᠨᠢ ᠠᠮᠠᠷᠠᠯ᠎ᠠ | ᠪᠢᠵᠠ ᠭᠡᠵᠠᠢ᠃ | ᠲᠡᠭᠡᠭᠡᠳ᠂ ᠱᠤᠤᠭᠢᠶᠠᠨ ᠬᠤᠳᠠ ᠶᠢᠨ ᠠᠷᠠᠳ ᠵᠠᠰᠠᠭ ᠤᠨ ᠲᠤᠪᠴᠢᠶᠠᠨ ᠳᠤ ᠬᠦᠷᠴᠦ᠂ ᠬᠤᠶᠠᠭᠤᠯᠠ | ᠬᠠᠭᠤᠷᠮᠠᠭ ᠤᠷᠤᠭ ᠰᠠᠯᠵᠠᠢ᠃ ᠠᠮᠢᠳᠤᠷᠠᠯ ᠨᠢ ᠤᠤᠯ ᠶᠠᠩᠵᠦ ᠪᠠᠷ ᠦᠷᠭᠦᠯᠵᠢᠯᠡᠨ᠎ᠡ᠂ ᠬᠤᠶᠠᠷ ᠵᠢᠯ ᠤᠨ ᠬᠤᠶᠢᠨ᠎ᠠ | ᠨᠢ ᠰᠠᠷᠭᠠᠢ ᠮᠡᠰᠡ ᠵᠠᠰᠠᠯ ᠬᠢᠯᠭᠡᠬᠦ ᠳᠤ ᠡᠨᠡ ᠬᠤᠶᠠᠭᠤᠯᠠ ᠡᠷ᠎ᠡ ᠡᠮ᠎ᠡ ᠶᠢᠨ ᠬᠠᠷᠢᠴᠠᠭ᠎ᠠ ᠶᠢᠨ ᠨᠠᠶᠢᠳᠠᠯᠭ᠎ᠠ ᠶᠢᠨ | ᠪᠢᠴᠢᠭ ᠪᠢᠴᠢᠵᠦ᠂ ᠡᠮᠨᠡᠯᠭᠡ ᠶᠢᠨ ᠬᠤᠷᠢᠶᠠᠨ ᠤ ᠭᠠᠷ ᠭᠦᠢᠴᠡᠳᠭᠡᠯ ᠲᠡᠭᠡᠷ᠎ᠡ ᠠᠰᠬᠠᠨ ᠨᠡᠷ᠎ᠡ ᠪᠠᠨ ᠲᠡᠮᠳᠡᠭᠯᠡᠵᠦ | ᠪᠠᠶᠢᠯ᠎ᠠ᠃ | ᠠᠰᠬᠠᠨ᠂ ᠠᠷᠪᠠᠭᠠᠳ ᠵᠢᠯ ᠤᠨ ᠡᠮᠦᠨ᠎ᠡ ᠤᠯᠤᠰ ᠤᠨ ᠦᠮᠴᠢᠯᠡᠯᠳᠦ ᠺᠤᠮᠫᠠᠨᠢ ᠠᠴᠠ ᠴᠠᠯᠢᠩ ᠢᠶᠠᠨ ᠵᠤᠭᠰᠤᠵᠤ᠂ | ᠨᠡᠷ᠎ᠡ ᠪᠠᠨ ᠦᠯᠡᠳᠡᠭᠡᠳ᠂ ᠬᠤᠪᠢ ᠪᠠᠷ ᠢᠶᠠᠨ ᠱᠤᠤᠭᠢᠶᠠᠨ ᠬᠤᠳᠠ ᠶᠢᠨ ᠪᠦᠬᠡᠯᠢᠭ ᠨᠡᠷᠡᠮᠵᠢᠳᠦ ᠲᠡᠮᠦᠷᠯᠢᠭ | ᠪᠠᠷᠢᠯᠭ᠎ᠠ ᠶᠢᠨ ᠮᠠᠲ᠋ᠧᠷᠢᠶᠠᠯ ᠡᠵᠡᠩᠨᠡᠬᠦ ᠭᠠᠵᠠᠷ ᠵᠢᠴᠢ ᠬᠤᠶᠠᠳᠠᠬᠢ ᠲᠡᠯᠭᠡᠭᠦᠷ ᠢ ᠪᠠᠶᠢᠭᠤᠯᠠᠪᠠ᠃ ᠤᠶᠢᠷ᠎ᠠ ᠶᠢᠨ | ᠬᠤᠭᠤᠴᠠᠭᠠᠨ ᠳᠤ ᠲᠤᠰ ᠬᠤᠶᠠᠷ ᠬᠤᠪᠢ ᠶᠢᠨ ᠺᠤᠮᠫᠠᠨᠢ ᠶᠢᠨ ᠬᠠᠳᠠᠭᠠᠯᠠᠮᠵᠢ ᠶᠢᠨ ᠮᠦᠩᠭᠦ ᠪᠠ ᠦᠰᠢ ᠬᠤᠳᠠ ᠶᠢᠨ | ᠴᠠᠬᠢᠯᠭᠠᠨ ᠤᠳᠠᠰᠤᠨ ᠦᠢᠯᠡᠳᠪᠦᠷᠢ ᠠᠴᠠ ᠢᠷᠡᠭᠦᠯᠦᠭᠰᠡᠨ ᠪᠠᠷᠠᠭᠠᠨ ᠤ ᠠᠪᠴᠠᠭᠠᠨ ᠮᠦᠩᠭᠦ ᠪᠠᠨ ᠨᠡᠶᠢᠯᠡᠭᠦᠯᠵᠦ | ᠪᠠᠶᠢᠭᠠᠳ ᠰᠠᠷᠭᠠᠢ ᠳᠤ ᠭᠤᠷᠪᠠᠨ ᠵᠠᠭᠤᠨ ᠲᠦᠮᠡ ᠢᠯᠡᠭᠦᠦ ᠲᠦᠭᠦᠷᠢᠭ ᠭᠤᠪᠢᠭᠤᠯᠵᠦ᠂ ᠱᠤᠤᠭᠢᠶᠠᠨ ᠬᠤᠳᠠ ᠶᠢᠨ | ᠬᠦᠬᠡ ᠲᠤᠭᠤᠷᠢᠭ ᠲᠤ ᠪᠠᠶᠢᠭ᠎ᠠ ᠰᠠᠭᠤᠭᠠᠯᠢ ᠠᠰᠠᠷ᠂ ᠪᠡᠭᠡᠵᠢᠩ ᠬᠤᠳᠠ ᠶᠢᠨ ᠬᠠᠢ ᠳ᠋ᠢᠶᠠᠨ ᠤᠤᠢ ᠳᠤ ᠪᠠᠶᠢᠭ᠎ᠠ | ᠰᠠᠭᠤᠭᠠᠯᠢ ᠠᠰᠠᠷ ᠤᠨ ᠲᠤᠳᠠᠭᠤ ᠵᠤᠭᠤᠰ ᠢ ᠲᠦᠯᠦᠪᠡ᠃ | ᠭᠡᠳᠡᠯ᠎ᠡ᠂ ᠰᠠᠷᠭᠠᠢ ᠬᠠᠷᠢᠨ ᠭᠠᠷᠠᠮᠠᠨ ᠬᠤᠳᠠ ᠶᠢᠨ ᠨᠢᠭᠡ ᠭᠤᠶᠤ ᠵᠠᠯᠠᠭᠤ ᠵᠢᠪᠬᠤᠭ᠎ᠠ ᠲᠠᠢ ᠭᠠᠳᠠᠭᠤᠷ ᠭᠠᠷ | ᠬᠤᠯᠪᠤᠵᠤ᠂ ᠬᠦᠳᠡᠭᠦᠷ ᠬᠦᠯ ᠨᠡᠶᠢᠯᠡᠵᠦ ᠪᠠᠶᠢᠭᠰᠠᠨ ᠢ ᠠᠰᠬᠠᠨ ᠬᠠᠷᠢᠨ ᠰᠠᠨᠠᠵᠤ ᠤᠯᠤᠭᠰᠠᠨ ᠦᠭᠡᠢ᠃ | ᠳᠠᠭᠤᠷᠢᠶᠠᠯ ᠭᠠᠷᠠᠮᠠᠨ ᠬᠤᠳᠠ ᠶᠢᠨ ᠶᠡᠭᠡ ᠰᠤᠷᠭᠠᠭᠤᠯᠢ ᠳᠤ ᠰᠢᠯᠭᠠᠵᠤ ᠤᠷᠤᠭᠰᠠᠨ ᠤ ᠳᠠᠷᠠᠭ᠎ᠠ ᠵᠢᠯ ᠤᠨ ᠬᠠᠪᠤᠷ | ᠠᠰᠬᠠᠨ᠂ ᠰᠠᠷᠭᠠᠢ ᠭᠡᠷ ᠤᠨ ᠬᠦᠮᠦᠰ ᠢᠶᠠᠨ ᠳᠠᠭᠠᠭᠤᠯᠵᠤ᠂ ᠬᠠᠶᠢᠨᠠᠨ ᠳᠤ ᠬᠤᠷᠢᠮᠯᠠᠬᠤ ᠰᠡᠭᠦᠳᠡᠷ ᠳᠠᠳᠠᠬᠤ ᠪᠠᠷ | ᠶᠠᠪᠤᠭᠰᠠᠨ ᠶᠤᠮ᠃ ᠬᠡᠳᠦᠨ ᠡᠳᠦᠷ ᠤᠨ ᠳᠠᠷᠠᠭ᠎ᠠ ᠨᠢ ᠠᠰᠬᠠᠨ ᠬᠦᠦ ᠪᠠᠨ ᠭᠠᠷᠠᠮᠠᠨ ᠬᠤᠳᠠ ᠶᠢᠨ ᠰᠤᠷᠭᠠᠭᠤᠯᠢ ᠳᠤ | ᠬᠦᠷᠭᠡᠵᠤ ᠦᠭᠬᠦ ᠪᠠᠷ ᠤᠷᠢᠳᠠᠪᠡᠷ ᠪᠤᠴᠠᠵᠤ ᠢᠷᠡᠭᠰᠡᠨ ᠤ ᠬᠤᠶᠢᠨ᠎ᠠ ᠨᠢ ᠵᠢᠪᠬᠤᠭ᠎ᠠ ᠬᠠᠶᠢᠨᠠᠨ ᠳᠤ ᠬᠦᠷᠴᠦ ᠰᠠᠷᠭᠠᠢ | ᠲᠠᠢ ᠴᠡᠩᠬᠡᠨ ᠵᠢᠷᠭᠠᠭᠰᠠᠨ ᠤᠴᠢᠷ ᠢ ᠢᠮᠢᠨ ᠮᠡᠳᠡᠭᠡᠳ᠂ ᠠᠰᠬᠠᠨ ᠳᠤ ᠰᠡᠮᠡᠭᠡᠷ ᠴᠢᠮᠡᠭᠡ ᠬᠡᠯᠡᠵᠦ ᠦᠭᠴᠡᠢ᠃ | ᠲᠡᠭᠦᠨ ᠠᠴᠠ ᠬᠤᠶᠢᠰᠢ ᠠᠰᠬᠠᠨ᠂ ᠰᠠᠷᠭᠠᠢ ᠬᠤᠶᠠᠷ ᠭᠠᠯ ᠤᠰᠤ ᠪᠤᠯᠵᠤ᠂ ᠮᠠᠨ ᠤ ᠲᠠᠯ᠎ᠠ ᠶᠢᠨ ᠬᠢᠨ ᠲᠠᠨ ᠤ | ᠲᠠᠯ᠎ᠠ ᠶᠢᠨ ᠬᠢᠨ ᠪᠤᠯᠵᠤ᠂ ᠮᠤᠤᠷ ᠬᠤᠯᠤᠭᠠᠨ᠎ᠠ ᠮᠡᠳᠦ ᠪᠤᠯᠪᠠ᠃ ᠰᠠᠷᠭᠠᠢ ᠬᠡᠯᠡᠬᠦ ᠳᠡᠭᠡᠨ ᠠᠰᠬᠠᠨ ᠤᠷᠢᠳᠠᠪᠡᠷ | ᠭᠡᠷ ᠤᠨ ᠠᠰᠠᠷᠠᠭᠴᠢ ᠡᠮᠡᠭᠳᠡᠢ ᠲᠠᠢ ᠪᠠᠨ ᠰᠠᠶᠢᠨ ᠪᠤᠯᠤᠯᠴᠠᠪᠠ ᠭᠡᠨ᠎ᠡ᠂ ᠪᠠᠰᠠ ᠠᠰᠬᠠᠨ ᠤ ᠰᠠᠷᠭᠠᠢ ᠲᠠᠢ | ᠬᠤᠷᠢᠮᠯᠠᠭᠰᠠᠨ ᠨᠢ ᠰᠠᠷᠭᠠᠢ ᠶᠢᠨ ᠲᠥᠷᠬᠦᠮ ᠤᠨ ᠭᠡᠷ ᠤᠨ ᠡᠳ᠋ ᠬᠦᠷᠦᠩᠭᠡ ᠳᠤ ᠭᠤᠷᠢᠯᠠᠨ ᠤᠯᠵᠠᠯᠠᠬᠤ ᠵᠤᠷᠢᠯᠭ᠎ᠠ ᠲᠠᠢ | ᠭᠡᠬᠦ ᠶᠤᠮ᠃ ᠶᠠᠭᠤ ᠪᠤᠯᠤᠭᠰᠠᠨ ᠴᠦ ᠡᠨᠡ ᠬᠤᠶᠠᠷ ᠨᠡᠶᠢᠯᠡᠭᠦᠯᠵᠦ ᠳᠡᠶᠢᠯᠦᠰᠢ ᠦᠭᠡᠢ ᠬᠠᠭᠠᠷᠠᠬᠠᠢ ᠰᠢᠯ ᠯᠤᠩᠬᠤ᠂ | ᠬᠤᠭᠤᠷᠬᠠᠢ ᠮᠤᠳᠤᠨ ᠲᠠᠶ᠋ᠢᠭ᠂ ᠡᠮᠳᠡᠷᠬᠡᠢ ᠱᠠᠵᠠᠩ ᠰᠠᠪᠠ᠂ ᠡᠪᠳᠡᠷᠡᠬᠡᠢ ᠰᠢᠪᠠᠷ ᠪᠠᠶᠢᠰᠢᠩ ᠬᠤᠪᠢᠯᠠᠪᠠ᠃ ᠰᠠᠷᠭᠠᠢ | ᠭᠠᠯᠵᠠᠭᠤᠷᠠᠭᠰᠠᠨ ᠮᠡᠳᠦ ᠭᠤᠷᠪᠠᠨ ᠭᠡᠷ ᠬᠦᠷᠦᠩᠭᠡ ᠪᠠᠨ ᠨᠢᠭᠤᠴᠠ ᠪᠠᠷ ᠱᠠᠯᠠᠪᠳᠠᠨ ᠬᠤᠳᠠᠯᠳᠤᠵᠤ᠂ ᠵᠢᠷᠭᠤᠭᠠᠨ ᠵᠠᠭᠤ | ᠳᠠᠯᠠᠨ ᠳᠦᠷᠪᠡᠨ ᠲᠦᠭᠦᠷᠢᠭ ᠢ ᠤᠷᠢᠳᠠᠪᠡᠷ ᠭᠠᠷ ᠲᠠᠭᠠᠨ ᠤᠷᠥᠭᠤᠯᠠᠪᠠ᠃ | ᠡᠷᠳᠡᠨᠢᠱᠢᠷᠦ ᠪᠤᠯ ᠱᠤᠤᠭᠢᠶᠠᠨ ᠬᠤᠳᠠ ᠶᠢᠨ ︿︿ᠦᠢᠯᠡᠰ﹀﹀ ᠨᠡᠷᠡᠮᠵᠢᠳᠦ ᠭᠡᠷ ᠪᠠᠷᠢᠯᠭ᠎ᠠ ᠶᠢᠨ ᠺᠤᠮᠫᠠᠨᠢ ᠶᠢᠨ | ᠶᠡᠷᠦᠩᠬᠡᠢ ᠳᠠᠭᠠᠭᠠᠮᠠᠯ ᠶᠤᠮ᠃ ᠲᠡᠭᠦᠨ ᠤ ᠨᠡᠷ᠎ᠡ ᠳᠡᠭᠡᠷ᠎ᠡ ᠲᠠᠪᠤᠨ ᠬᠡᠦᠬᠡᠳ ᠲᠠᠢ᠂ ᠶᠡᠭᠡ ᠦᠬᠢᠨ ᠰᠦᠮᠡᠨ ᠨᠢ | ᠠᠩᠬᠠᠨ ᠤ ᠡᠷ᠎ᠡ ᠨᠦᠬᠦᠷ ᠲᠠᠢ ᠪᠠᠨ ᠭᠠᠷᠤᠭᠠᠰᠠᠨ ᠬᠡᠦᠬᠡᠳ᠂ ᠰᠠᠷᠭᠠᠢ ᠪᠤᠯᠤᠨ ᠤᠮᠤᠭᠳᠤ ᠨᠢ ᠰᠡᠭᠦᠯ ᠤᠨ ᠡᠷ᠎ᠡ | ᠨᠦᠬᠦᠷ ᠲᠠᠢ ᠪᠠᠨ ᠭᠠᠷᠤᠭᠰᠠᠨ ᠬᠡᠦᠬᠡᠳ ᠶᠤᠮ᠂ ᠢᠮᠢᠨ ᠪᠤᠯ ᠲᠡᠵᠢᠭᠡᠭᠰᠡᠨ ᠦᠬᠢᠨ ᠨᠢ ᠭᠡᠳᠡᠭ᠂ ᠪᠠᠭ᠎ᠠ ᠬᠦᠦ | ᠪᠤᠯᠬᠤ ᠪᠠᠭ᠎ᠠ ᠠᠰᠢᠳᠠ ᠨᠢ ᠲᠡᠭᠦᠨ ᠤ ᠲᠦᠷᠦᠭᠰᠡᠨ ᠬᠦᠦ ᠴᠦ ᠡᠴᠢᠭᠡ ᠨᠢ ᠬᠡᠨ ᠭᠡᠳᠡᠭ ᠢ ᠲᠡᠷᠡ ᠯᠡ | ᠲᠠᠶᠢᠯᠪᠤᠷᠢᠯᠠᠬᠤ ᠤᠨᠢᠰᠤᠭ᠎ᠠ᠃ ᠡᠷᠳᠡᠨᠢᠱᠢᠷᠦ ᠵᠠᠯᠠᠭᠤ ᠲᠠᠩᠬᠢᠯ ᠨᠠᠰᠤᠨ ᠳᠠᠭᠠᠨ ᠦᠩᠭᠡ ᠵᠢᠰᠦ ᠪᠡᠶ᠎ᠡ ᠴᠤᠭᠴᠠ | ᠭᠤᠸ᠎ᠠ ᠬᠡᠭᠡᠨᠴᠢᠷ ᠲᠦᠷᠦᠭᠰᠡᠨ ᠨᠦᠬᠦᠴᠡᠯ ᠢᠶᠠᠨ ᠠᠰᠢᠭᠯᠠᠨ᠂ ᠡᠳ᠋ ᠬᠦᠷᠦᠩᠭᠡ ᠡᠷᠬᠡ ᠵᠡᠷᠭᠡ ᠶᠢ ᠬᠦᠭᠡᠭᠡᠴᠡᠯᠳᠦᠬᠦ | ᠵᠠᠮ ᠢᠶᠠᠷ ᠨᠢᠳᠦ ᠬᠠᠮᠬᠢᠯ ᠦᠭᠡᠢ ᠰᠢᠢᠳᠦᠨ ᠰᠢᠷᠭᠤᠯᠠᠭᠰᠠᠨ ᠪᠢᠯᠡ᠃ | ᠠᠰᠬᠠᠨ᠂ ᠦᠪᠡᠷ ᠤᠨ ᠡᠷᠬᠡ ᠠᠰᠢᠭ ᠢᠶᠠᠨ ᠬᠠᠮᠠᠭᠠᠯᠠᠬᠤ ᠶᠢᠨ ᠲᠦᠯᠦᠭᠡ ᠬᠠᠥᠯᠢᠴᠢ ᠡᠷᠢᠪᠡ᠃ ᠠᠩᠬᠠᠨ ᠤ | ᠵᠠᠭᠠᠯᠳᠥᠯᠭᠠ ᠶᠢᠨ ᠪᠢᠴᠢᠭ ᠢᠶᠠᠨ ᠱᠤᠤᠭᠢᠶᠠᠨ ᠬᠤᠳᠠ ᠶᠢᠨ ᠬᠦᠬᠡ ᠲᠤᠭᠤᠷᠢᠭ ᠤᠨ ᠠᠷᠠᠳ ᠤᠨ ᠰᠢᠭᠦᠬᠦ | ᠬᠤᠷᠢᠶᠠᠨ ᠳᠤ ᠡᠷᠭᠦᠪᠡ᠃ | ᠬᠠᠤᠯᠢ ᠶᠢᠨ ᠲᠠᠰᠥᠯᠠᠭᠴᠢ ᠰᠦᠷᠯᠢᠭ ᠤᠨ ᠪᠠᠭᠤᠯᠭᠠᠭᠰᠠᠨ ᠲᠠᠰᠥᠯᠠᠯᠳᠠ ᠶᠢᠨ ᠪᠢᠴᠢᠭ ᠲᠤ᠄ ᠲᠤᠰ ᠰᠢᠭᠦᠬᠦ | ᠬᠤᠷᠢᠶᠠᠨ ᠤ ᠦᠵᠡᠬᠦ ᠪᠠᠷ᠂ ᠠᠷᠠᠳ ᠵᠠᠰᠠᠭ ᠤᠨ ᠭᠠᠵᠠᠷ ᠤᠨ ᠭᠡᠷᠡᠴᠢᠯᠡᠭᠰᠡᠨ ᠵᠠᠭᠠᠯᠳᠤᠭᠴᠢ ᠶᠢᠨ ᠤᠷᠤᠭ ᠰᠠᠯᠬᠤ | ᠬᠡᠯᠡᠯᠴᠡᠭᠡᠷ ᠤᠨ ᠪᠢᠴᠢᠭ ᠤᠨ ᠲᠦᠷᠪᠡᠳᠦᠭᠡᠷ ᠵᠤᠷᠪᠤᠰ ᠤᠨ ᠡᠳ᠋ ᠬᠦᠷᠦᠩᠭᠡ ᠶᠢᠨ ᠬᠤᠪᠢᠶᠠᠷᠢᠯᠠᠯ ᠤᠨ ᠠᠭᠤᠯᠭ᠎ᠠ ᠳᠤ | ︿︿ᠭᠡᠷ ᠬᠦᠷᠦᠩᠭᠡ ᠦᠭᠡᠢ﹀﹀ ᠭᠡᠰᠡᠨ ᠲᠤᠳᠤᠷᠠᠬᠠᠢ ᠦᠰᠦᠭ ᠪᠢᠴᠢᠵᠦ ᠪᠤᠢ᠃ ︿︿ᠪᠦᠭᠦᠳᠡ ᠨᠠᠶᠢᠷᠠᠮᠳᠠᠬᠤ ᠲᠤᠮᠳᠠᠳᠦ | ᠠᠷᠠᠳ ᠤᠯᠤᠰ ᠤᠨ ᠤᠷᠤᠭ ᠤᠨ ᠬᠠᠤᠯᠢ﹀﹀ ᠶᠢᠨ ᠵᠠᠷᠢᠮ ᠠᠰᠠᠭᠤᠳᠠᠯ ᠤᠨ ᠲᠠᠶᠢᠯᠠᠪᠤᠷᠢ ︵ᠬᠤᠶᠠᠷ︶ ᠤᠨ | ᠶᠢᠰᠦᠳᠦᠭᠡᠷ ᠵᠤᠷᠪᠤᠰ ᠲᠤ ︿︿ᠡᠷᠡᠭᠳᠠᠢ ᠡᠮᠡᠭᠲᠡᠢ ᠬᠤᠶᠠᠷ ᠲᠠᠯ᠎ᠠ ᠪᠠᠷ ᠢᠶᠠᠨ ᠰᠠᠶᠢᠨ ᠳᠤᠷ᠎ᠠ ᠠᠴᠠ ᠪᠠᠨ ᠤᠷᠤᠭ | ᠰᠠᠯᠤᠭᠰᠠᠨ ᠤ ᠰᠡᠭᠦᠯᠡᠷ ᠨᠢᠭᠡ ᠵᠢᠯ ᠤᠨ ᠳᠤᠲᠤᠷ᠎ᠠ ᠡᠳ᠋ ᠬᠦᠷᠦᠩᠭᠡ ᠶᠢᠨ ᠬᠤᠪᠢᠶᠠᠷᠢᠯᠠᠯ ᠤᠨ ᠠᠰᠠᠭᠤᠳᠠᠯ ᠳᠤ ᠪᠤᠴᠠᠨ | ᠬᠠᠷᠠᠮᠰᠠᠵᠦ᠂ ᠤᠤᠯ ᠤᠨ ᠡᠳ᠋ ᠬᠦᠷᠦᠩᠭᠡ ᠶᠢᠨ ᠬᠤᠪᠢᠶᠠᠷᠢᠯᠠᠯ ᠤᠨ ᠬᠡᠯᠡᠯᠴᠡᠭᠡᠷ ᠢᠶᠠᠨ ᠦᠭᠡᠷᠡᠴᠢᠯᠡᠬᠦ ᠪᠤᠶᠤ ᠬᠦᠴᠦᠨ | ᠦᠭᠡᠢ ᠪᠤᠯᠭᠠᠬᠤ ᠪᠠᠷ ᠭᠤᠶᠤᠴᠢᠯᠠᠪᠠᠯ ᠠᠷᠠᠳ ᠤᠨ ᠰᠢᠭᠦᠬᠦ ᠬᠤᠷᠢᠶ᠎ᠠ ᠲᠤᠰ ᠭᠤᠶᠤᠴᠢᠯᠠᠯᠳᠠ ᠶᠢ ᠬᠦᠯᠢᠶᠡᠨ ᠠᠪᠤᠨ᠎ᠠ᠃ | ᠭᠡᠪᠡᠴᠦ᠂ ᠵᠠᠭᠠᠯᠳᠤᠭᠴᠢ ᠲᠦᠷᠪᠡᠨ ᠵᠢᠯ ᠤᠨ ᠬᠤᠶᠢᠨ᠎ᠠ ᠡᠳ᠋ ᠬᠦᠷᠦᠩᠭᠡ ᠬᠤᠪᠢᠶᠠᠷᠢᠯᠠᠬᠤ ᠶᠢ ᠳᠤᠷᠠᠳᠤᠭᠰᠠᠨ | ᠪᠤᠯᠬᠤᠷ ᠠᠷᠠᠳ ᠤᠨ ᠰᠢᠭᠦᠬᠦ ᠬᠤᠷᠢᠶ᠎ᠠ ᠠᠴᠠ ᠲᠤᠰ ᠭᠤᠶᠤᠴᠢᠯᠠᠯᠳᠠ ᠶᠢ ᠬᠦᠯᠢᠶᠡᠨ ᠠᠪᠬᠤ ᠦᠭᠡᠢ᠃ ᠲᠡᠭᠡᠭᠡᠳ᠂ | ᠵᠠᠭᠠᠯᠳᠤᠭᠴᠢ ᠠᠰᠬᠠᠨ ᠤ ᠵᠠᠭᠠᠯᠳᠤᠯᠭ᠎ᠠ ᠶᠢᠨ ᠭᠤᠶᠥᠴᠢᠯᠠᠯᠭᠠ ᠶᠢᠨ ᠪᠢᠴᠢᠭ ᠢ ᠨᠢ ᠡᠷᠭᠢᠭᠦᠯᠦᠨ ᠪᠤᠴᠠᠭᠠᠪᠠ᠃ | ᠠᠰᠬᠠᠨ ᠤ ᠬᠠᠤᠯᠢᠴᠢ ᠶᠢᠨ ᠬᠡᠯᠡᠭᠰᠡᠨ ᠨᠢ ᠰᠢᠭᠦᠨ ᠲᠠᠰᠤᠯᠠᠯᠳᠠ ᠬᠢᠬᠦ ᠠᠴᠠ ᠡᠮᠦᠨ᠎ᠡ ᠰᠦᠷᠯᠢᠭ ᠤᠳᠠᠰᠦ | ᠢᠷᠡᠭᠦᠯᠵᠦ᠂ ᠬᠠᠤᠯᠢᠴᠢ ᠶᠢ ᠵᠠᠷᠭᠤ ᠪᠠᠨ ᠪᠤᠴᠠᠭᠠᠬᠤ ᠶᠢ ᠱᠠᠭᠠᠷᠳᠠᠭᠰᠠᠨ ᠪᠦᠭᠡᠳ ᠡᠨᠡ ᠤᠴᠢᠷ ᠢ ᠠᠰᠬᠠᠨ ᠲᠠᠢ | ᠠᠭᠤᠯᠵᠠᠵᠦ ᠶᠠᠷᠢᠯᠴᠠᠬᠤ ᠰᠠᠨᠠᠭ᠎ᠠ ᠲᠠᠢ᠂ ᠰᠦᠷᠯᠢᠭ ᠤᠨ ᠵᠠᠬᠢᠭᠰᠠᠨ ᠨᠢ᠄ | —ᠵᠠᠷᠭᠤ ᠪᠠᠨ ᠪᠤᠴᠠᠭᠠᠬᠤ ᠦᠭᠡᠢ ᠴᠦ ᠭᠡᠰᠡᠨ ᠲᠡᠶᠢᠯᠦᠭᠳᠡᠨ᠎ᠡ᠂ ᠳᠤᠮᠳᠠ ᠵᠡᠷᠭᠡ ᠶᠢᠨ ᠰᠢᠭᠦᠬᠦ | ᠬᠤᠷᠢᠶᠠᠨ ᠠᠴᠠ ᠤᠳᠠᠰᠦ ᠢᠷᠡᠭᠦᠯᠵᠦ᠂ ᠰᠦᠷᠯᠢᠭ ᠲᠤ ᠲᠠᠷᠤᠯᠳᠠ ᠦᠭᠴᠦ ᠪᠤᠢ᠂ ᠲᠠ ᠳᠤᠮᠳᠠ ᠵᠡᠷᠭᠡ ᠶᠢᠨ ᠰᠢᠭᠦᠬᠦ | ᠬᠤᠷᠢᠶᠠᠨ ᠳᠤ ᠳᠠᠬᠢᠨ ᠵᠠᠭᠠᠯᠳᠤᠭᠰᠠᠨ ᠴᠦ ᠲᠡᠶᠢᠯᠦᠭᠳᠡᠨ᠎ᠡ᠂ ᠬᠡᠷᠪᠡ ᠤᠷᠢᠳᠠᠪᠡᠷ ᠵᠠᠷᠭᠤ ᠪᠠᠨ ᠪᠤᠴᠠᠭᠠᠪᠠᠯ ᠵᠠᠷᠭᠤ ᠶᠢᠨ | ᠰᠦᠢᠳᠭᠡᠯ ᠢ ᠴᠢᠨᠢ ᠠᠰᠬᠠᠨ ᠳᠤ ᠪᠦᠬᠦᠨ ᠢ ᠡᠷᠭᠢᠭᠦᠯᠵᠦ ᠦᠭᠬᠦ ᠶᠢ ᠪᠠᠳᠤᠯᠠᠶ᠎ᠠ ᠭᠡᠵᠠᠢ᠃ | ᠡᠨᠡ ᠨᠢ ᠦᠨᠡᠨᠳᠡᠭᠡᠨ ᠬᠠᠭᠤᠷᠮᠠᠭ ᠤᠷᠤᠭ ᠰᠠᠯᠤᠭᠰᠠᠨ ᠤᠴᠢᠷ ᠪᠠᠶᠢᠭᠰᠠᠨ ᠪᠤᠯᠬᠤᠷ ᠠᠰᠬᠠᠨ ᠪᠢᠰᠢᠷᠡᠭᠰᠡᠨ | ᠦᠭᠡᠢ᠂ ᠱᠤᠤᠭᠢᠶᠠᠨ ᠬᠤᠳᠠ ᠶᠢᠨ ᠳᠤᠮᠳᠠ ᠵᠡᠷᠭᠡ ᠶᠢᠨ ᠰᠢᠭᠦᠬᠦ ᠬᠤᠷᠢᠶᠠᠨ ᠳᠤ ᠳᠠᠬᠢᠨᠳᠠ ᠵᠠᠭᠠᠯᠳᠤᠯᠭ᠎ᠠ ᠡᠷᠭᠦᠪᠡ᠃ | ᠳᠠᠩᠬᠢᠮ ᠤᠨ ᠲᠠᠷᠤᠭ᠎ᠠ ᠦᠨᠢ᠂ ᠲᠤᠰ ᠵᠠᠷᠭᠤ ᠶᠢᠨ ᠭᠡᠷᠡᠴᠢ ᠭᠦᠢᠴᠡᠳ ᠦᠭᠡᠢ ᠭᠡᠳ ᠭᠤᠶᠤᠴᠢᠯᠠᠯᠭᠠ ᠶᠢᠨ | ᠪᠢᠴᠢᠭ ᠢ ᠨᠢ ᠪᠠᠰᠠ ᠪᠤᠴᠠᠭᠠᠵᠠᠢ᠃ ᠠᠰᠬᠠᠨ᠂ ᠳᠡᠭᠡᠭᠰᠢ ᠲᠡᠭᠷᠢ ᠶᠢ ᠰᠢᠷᠳᠡᠨ ᠤᠷᠳᠤᠬᠠᠨ ᠰᠠᠨᠠᠭ᠎ᠠ ᠠᠯᠳᠠᠨ᠎ᠠ᠃ | ᠲᠡᠷᠡ ᠵᠠᠷᠭᠤ ᠶᠢᠨ ᠰᠦᠢᠳᠭᠡᠯ᠂ ᠬᠠᠤᠯᠢᠴᠢ ᠡᠷᠢᠭᠰᠡᠨ ᠵᠠᠷᠤᠳᠠᠯ᠂ ᠶᠠᠪᠤᠵᠦ ᠰᠠᠭᠤᠭᠰᠠᠨ ᠰᠦᠢᠳᠭᠡᠯ ᠬᠡᠳᠦᠨ | ᠠᠷᠪᠠᠨ ᠲᠦᠭᠦᠷᠢᠭ ᠵᠠᠷᠤᠴᠠᠭᠤᠯᠵᠦ᠂ ᠤᠳᠦ ᠪᠤᠯᠬᠤ ᠳᠤ ᠨᠢᠭᠡᠮᠦᠰᠦᠨ ᠰᠠᠭᠤᠬᠤ ᠤᠷᠤᠨ ᠴᠦ ᠪᠠᠶᠢᠬᠤ | ᠦᠭᠡᠢ ᠪᠤᠯᠪᠠ᠃ | ᠠᠰᠬᠠᠨ ᠭᠤᠷᠪᠠᠳᠠᠬᠢ ᠤᠳᠠᠭᠠᠨ ᠤ ᠵᠠᠭᠠᠯᠳᠤᠯᠭ᠎ᠠ ᠶᠢᠨ ᠪᠢᠴᠢᠭ ᠢᠶᠠᠨ ᠱᠤᠤᠭᠢᠶᠠᠨ ᠬᠤᠳᠠ ᠶᠢᠨ ᠰᠠᠬᠢᠯᠭ᠎ᠠ | ᠪᠠᠳᠦ ᠪᠠᠶᠢᠴᠠᠭᠠᠬᠤ ᠬᠤᠷᠢᠶᠠᠨ ᠳᠤ ᠡᠷᠭᠦᠪᠡ᠃ ᠡᠭᠦᠨ ᠳᠤ ᠭᠤᠤᠯᠳᠠᠭᠤ ᠠᠰᠬᠠᠨ᠂ ᠰᠠᠷᠭᠠᠢ ᠬᠤᠶᠠᠷ ᠤᠨ | ᠬᠠᠭᠤᠷᠮᠠᠭ ᠢᠶᠠᠷ ᠤᠷᠤᠭ ᠰᠠᠯᠵᠦ᠂ ᠪᠤᠳᠠᠳᠠᠢ ᠪᠠᠷ ᠴᠤᠭ ᠠᠮᠢᠳᠤᠷᠠᠭᠰᠠᠨ ᠠᠷᠪᠠᠨ ᠵᠤᠷᠪᠤᠰ ᠠᠭᠤᠯᠭ᠎ᠠ ᠶᠢ | ᠪᠠᠭᠳᠠᠭᠠᠭᠰᠠᠨ ᠵᠢᠴᠢ ᠬᠠᠮᠢᠶ᠎ᠠ ᠪᠦᠬᠦᠢ ᠭᠡᠷᠡᠴᠢ ᠪᠠᠷᠢᠮᠳᠠ ᠤᠳ ᠢ ᠬᠠᠩᠭᠠᠪᠠ᠄ | ᠨᠢᠭᠡ᠂ ᠲᠠᠭᠤᠷᠢᠶᠠᠯ ᠤᠨ ᠭᠠᠷᠠᠮᠠᠨ ᠬᠤᠳᠠ ᠳᠤ ᠡᠷᠦᠬᠡ ᠠᠮᠠ ᠰᠢᠯᠵᠢᠬᠦ ᠳᠤ ᠤᠯᠭᠤᠭᠰᠠᠨ ᠲᠤᠳᠠᠭᠠᠳᠦ ᠶᠢ | ᠬᠠᠮᠠᠭᠠᠯᠠᠬᠤ ᠲᠤᠪᠴᠢᠶᠠᠨ ᠤ ᠭᠠᠷ ᠭᠦᠢᠴᠡᠳᠭᠡᠯ ᠪᠤᠯᠤᠨ ᠲᠠᠭᠤᠷᠢᠰᠬᠠᠯ ᠤᠨ ᠡᠷᠦᠬᠡ ᠠᠮᠠ ᠶᠢᠨ ᠬᠠᠮᠢᠶ᠎ᠠ ᠪᠦᠬᠦᠢ | ᠴᠢᠮᠡᠭᠡ ᠰᠤᠷᠠᠭ᠃ | ᠬᠤᠶᠠᠷ᠂ ᠤᠷᠤᠭ ᠰᠠᠯᠤᠭᠰᠠᠨ ᠤ ᠰᠡᠭᠦᠯᠡᠷ ᠠᠮᠤᠭᠤᠯᠠᠩ ᠲᠤᠭᠤᠷᠢᠭ ᠲᠤ ᠠᠰᠬᠠᠨ ᠪᠤᠯᠤᠨ ᠰᠠᠷᠭᠠᠢ ᠶᠢᠨ | ᠬᠠᠮᠳᠦ ᠪᠠᠷ ᠭᠠᠷ ᠤᠨ ᠦᠰᠦᠭ ᠵᠢᠷᠤᠵᠦ᠂ ᠭᠡᠷ ᠳᠦᠷᠢᠶᠡᠰᠦᠯᠡᠭᠰᠡᠨ ᠬᠡᠯᠡᠯᠴᠡᠭᠡᠷ ᠤᠨ ᠪᠢᠴᠢᠭ ᠪᠠ ᠭᠡᠷᠡᠴᠢ ᠶᠢᠨ | ᠬᠦᠮᠦᠨ ᠵᠢᠴᠢ ᠲᠡᠭᠦᠨ ᠤ ᠨᠡᠷ᠎ᠡ᠃ | ᠭᠤᠷᠪᠠ᠂ ᠠᠰᠬᠠᠨ ᠪᠤᠯᠤᠨ ᠰᠠᠷᠭᠠᠢ ᠶᠢᠨ ᠭᠠᠷ ᠤᠳᠠᠰᠤᠨ ᠤ ᠪᠢᠴᠢᠯ ᠴᠢᠮᠡᠭᠡ ᠶᠠᠪᠤᠯᠴᠠᠭᠠᠨ ᠤ ᠬᠠᠶᠢᠴᠢᠯᠠᠮᠠᠯ | ᠵᠢᠷᠤᠭ᠃ | ᠲᠦᠷᠪᠡ᠂ ᠲᠠᠭᠤᠷᠢᠶᠠᠯ ᠤᠨ ︿︿ᠤᠯᠤᠰ ᠤᠨ ᠭᠠᠳᠠᠨ᠎ᠠ ᠰᠤᠷᠤᠯᠴᠠᠬᠤ ᠬᠡᠯᠡᠯᠴᠡᠭᠡᠷ ᠤᠨ ᠪᠢᠴᠢᠭ﹀﹀ ᠳᠡᠭᠡᠷ᠎ᠠ | ᠡᠷ᠎ᠡ ᠡᠮ᠎ᠡ ᠶᠢᠨ ᠬᠤᠪᠢ ᠪᠠᠷ ᠭᠠᠷ ᠤᠨ ᠦᠰᠦᠭ ᠵᠢᠷᠤᠭᠰᠠᠨ ᠪᠢᠴᠢᠭ ᠮᠠᠲ᠋ᠧᠷᠢᠶᠠᠯ᠃ | ᠲᠠᠪᠤ᠂ ᠬᠠᠭᠤᠷᠮᠠᠭ ᠤᠷᠤᠭ ᠰᠠᠯᠤᠭᠰᠠᠨ ᠤ ᠳᠠᠷᠠᠭ᠎ᠠ᠂ ᠵᠠᠭᠠᠯᠳᠤᠭᠴᠢ ᠵᠠᠭᠠᠯᠳᠤᠭᠳᠠᠭᠴᠢ ᠲᠡᠳᠡ ᠬᠤᠶᠠᠷ ᠤᠨ | ᠨᠠᠶᠢᠵᠠ ᠨᠦᠭᠦᠳ ᠤᠨ ᠨᠢᠭᠡ ᠭᠡᠷ ᠤᠨ ᠬᠢᠨ ᠲᠠᠢ ᠬᠠᠮᠳᠦ ᠪᠠᠷ ᠰᠡᠭᠦᠳᠡᠷᠯᠡᠭᠰᠡᠨ ᠵᠢᠷᠤᠭ ᠰᠡᠭᠦᠳᠡᠷ ᠤᠳ᠃ | ᠵᠢᠷᠭᠤᠭ᠎ᠠ᠂ ᠰᠠᠷᠭᠠᠢ ᠶᠢᠨ ᠮᠡᠰᠡ ᠵᠠᠰᠠᠯ ᠤᠨ ᠡᠮᠦᠨᠡᠬᠢ ᠠᠰᠬᠠᠨ ᠪᠤᠯᠤᠨ ᠰᠠᠷᠭᠠᠢ ᠶᠢᠨ ᠡᠷ᠎ᠡ ᠡᠮ᠎ᠡ ᠶᠢᠨ | ᠬᠠᠷᠢᠴᠠᠭᠠᠨ ᠤ ᠨᠠᠶᠢᠳᠠᠯᠭ᠎ᠠ ᠶᠢᠨ ᠪᠢᠴᠢᠭ᠃ | ᠳᠤᠯᠤᠭ᠎ᠠ᠂ ᠠᠰᠬᠠᠨ ᠤ ᠬᠠᠮᠢᠶ᠎ᠠ ᠪᠦᠬᠦᠢ ᠺᠤᠮᠫᠠᠨᠢ ᠶᠢᠨ ᠳᠠᠩᠰᠠ ᠡᠪᠬᠡᠮᠡᠯ ᠪᠠ ᠺᠤᠮᠫᠠᠨᠢ ᠶᠢᠨ ᠪᠠᠩᠬᠢ ᠶᠢᠨ | ᠬᠠᠳᠠᠭᠠᠯᠠᠮᠵᠢ ᠶᠢᠨ ᠡᠷᠦᠬᠡ ᠶᠢᠨ ᠨᠤᠮᠧᠷ᠃ | ᠨᠠᠢᠮᠠ᠂ ᠠᠰᠬᠠᠨ ᠤᠯᠠᠨ ᠤᠳᠠᠭ᠎ᠠ ᠰᠠᠷᠭᠠᠢ ᠳᠤ ᠵᠤᠭᠤᠰ ᠭᠤᠪᠢᠭᠤᠯᠠᠭᠰᠠᠨ ᠪᠠᠩᠬᠢ ᠶᠢᠨ ᠺᠠᠷᠲ | ᠤᠨ ᠨᠤᠮᠧᠷ᠃ | ᠶᠢᠰᠦ᠂ ᠬᠠᠭᠤᠷᠮᠠᠭ ᠤᠷᠤᠭ ᠰᠠᠯᠬᠤ ᠠᠴᠠ ᠡᠮᠦᠨ᠎ᠡ᠂ ᠨᠡᠶᠢᠳᠡ ᠲᠤᠯᠤᠭᠠᠨ ᠠᠰᠠᠷ ᠢ ᠤᠷᠢᠳ ᠬᠤᠵᠢᠳ | ᠬᠤᠳᠠᠯᠳᠤᠵᠦ ᠠᠪᠬᠤ ᠳᠠᠭᠠᠨ ᠵᠤᠭᠤᠰ ᠲᠤᠰᠢᠶᠠᠭᠰᠠᠨ ᠬᠠᠮᠢᠶ᠎ᠠ ᠪᠦᠬᠦᠢ ᠪᠠᠷᠢᠮᠳᠠ ᠨᠤᠭᠤᠳ᠃ | ᠠᠷᠪᠠ᠂ ᠡᠭᠦᠨ ᠠᠴᠠ ᠪᠤᠰᠤᠳ ᠡᠷᠳᠡᠨᠢᠱᠢᠷᠦ ᠭᠠᠳᠠᠨ᠎ᠠ ᠮᠤᠵᠢ ᠶᠢᠨ ᠠᠷᠠᠯᠵᠢᠶᠠᠴᠢᠨ ᠠᠯᠢᠮ᠎ᠠ ᠤᠪᠤᠭᠳᠤ ᠲᠠᠢ | ᠰᠤᠷᠳᠠᠯ ᠤᠨ ᠶᠠᠪᠤᠳᠠᠯ ᠲᠠᠢ ᠪᠠ ᠤᠯᠤᠰ ᠤᠨ ᠭᠠᠶᠢᠯᠢ ᠠᠴᠠ ᠲᠤᠳᠠᠭᠠᠬᠤ ᠶᠢᠨ ᠲᠦᠯᠦᠭᠡ ᠭᠠᠶᠢᠯᠢ ᠶᠢᠨ | ᠲᠤᠪᠴᠢᠶᠠᠨ ᠤ ᠶᠡᠭᠡ ᠠᠰᠢᠳᠠ ᠳᠠᠷᠤᠭ᠎ᠠ ᠲᠠᠢ ᠲᠦᠪ ᠪᠤᠰᠤ ᠶᠠᠪᠤᠯᠴᠠᠭ᠎ᠠ ᠲᠠᠢ ᠳᠡᠭᠡᠷ᠎ᠡ ᠪᠠᠨ ᠠᠰᠢᠳᠠ ᠳᠠᠷᠤᠭ᠎ᠠ ᠳᠤ | ᠬᠤᠳᠠᠯᠳᠤᠭᠠᠨ ᠤ ᠲᠠᠩᠬᠢᠮ ᠪᠡᠯᠡᠭᠯᠡᠭᠰᠡᠨ᠂ ᠪᠠᠰᠠ ᠤᠮᠤᠭᠳᠤ ᠡᠷᠬᠡ ᠵᠡᠷᠭᠡ ᠲᠡᠪᠰᠢᠬᠦ ᠶᠢᠨ ᠲᠦᠯᠦᠭᠡ ᠤᠯᠠᠭᠠᠨ | ᠲᠤᠭᠤᠷᠢᠭ ᠤᠨ ᠳᠤᠳᠤᠭᠠᠳᠤ ᠶᠢ ᠬᠠᠮᠠᠭᠠᠯᠠᠬᠤ ᠲᠤᠪᠴᠢᠶᠠᠨ ᠤ ᠲᠤᠪᠴᠢᠶᠠᠨ ᠳᠠᠷᠤᠭ᠎ᠠ ᠦᠷᠯᠦᠭ ᠲᠤ ᠬᠡᠳᠦᠨ ᠲᠦᠮᠡᠨ | ᠲᠦᠭᠦᠷᠢᠭ ᠳᠦᠯᠬᠢᠭᠰᠡᠨ ᠵᠢᠴᠢ ᠢᠮᠢᠨ ᠬᠡᠦᠬᠡᠨ ᠢ ᠪᠤᠰᠤᠳ ᠲᠠᠢ ᠤᠷᠤᠭ ᠬᠡᠯᠡᠯᠴᠡᠭᠦᠯᠬᠦ ᠦᠭᠡᠢ ᠤᠮᠤᠭᠳᠤ | ᠬᠦᠴᠦ ᠪᠠᠷ ᠳᠠᠷᠤᠯᠠᠨ ᠨᠤᠵᠢᠳᠯᠠᠭᠰᠠᠨ ᠵᠡᠷᠭᠡ ᠭᠡᠷ ᠤᠨ ᠲᠤᠳᠤᠷ᠎ᠠ ᠡᠭᠦᠰᠤᠭ᠍ᠰᠡᠨ ᠬᠡᠷᠡᠭ ᠤᠴᠢᠷ ᠢ ᠮᠡᠳᠡᠳᠡᠭ | ᠰᠡᠵᠢᠭᠯᠡᠳᠡᠭ ᠬᠢᠷᠢ ᠪᠠᠷ ᠵᠠᠭᠠᠯᠳᠤᠯᠭ᠎ᠠ ᠶᠢᠨ ᠪᠢᠴᠢᠭ ᠲᠡᠬᠡ᠊ ᠨ ᠨᠦᠬᠦᠪᠦᠷᠢ ᠠᠭᠤᠯᠭ᠎ᠠ ᠪᠠᠷ ᠨᠡᠮᠡᠵᠦ | ᠤᠷᠤᠭᠤᠯᠵᠠᠢ ᠃ | ᠡᠨᠡ ᠬᠡᠷᠡᠭ ᠱᠤᠤᠭᠢᠶᠠᠨ ᠬᠤᠳᠠ ᠶᠢᠨ ᠰᠠᠬᠢᠯᠭ᠎ᠠ ᠪᠠᠳᠦ ᠪᠠᠶᠢᠴᠠᠭᠠᠬᠤ ᠬᠤᠷᠢᠶᠠᠨ ᠳᠤ ᠬᠦᠷᠦᠭᠰᠡᠨ ᠳᠠᠷᠠᠭ᠎ᠠ᠂ | ᠱᠤᠤᠭᠢᠶᠠᠨ ᠬᠤᠳᠠ ᠶᠢᠨ ᠤᠯᠤᠰ ᠲᠦᠷᠦ ᠬᠠᠤᠯᠢ ᠴᠠᠭᠠᠵᠠ ᠶᠢᠨ ᠬᠤᠷᠢᠶᠠᠨ ᠤ ᠳᠡᠳ᠋ ᠱᠦᠵᠢ ᠪᠠᠯᠳᠠᠨ ᠭᠤᠸᠠᠢ ᠠᠴᠠ | ᠱᠤᠤᠭᠢᠶᠠᠨ ᠬᠤᠳᠠ ᠶᠢᠨ ᠰᠠᠬᠢᠯᠭ᠎ᠠ ᠪᠠᠳᠦ ᠪᠠᠶᠢᠴᠠᠭᠠᠬᠤ ᠬᠤᠷᠢᠶᠠᠨ ᠤ ᠱᠦᠵᠢ ᠳᠤᠭᠳᠠᠭᠤᠨ ᠳᠤ ᠤᠳᠠᠰᠦ | ᠢᠷᠡᠭᠦᠯᠵᠦ᠄ | — ᠰᠠᠷᠭᠠᠢ ᠪᠤᠯ ᠪᠠᠯᠳᠠᠨ ᠤ ᠬᠠᠭᠤᠷᠠᠢ ᠬᠡᠦᠬᠡᠨ ᠳᠡᠭᠦᠦ ᠪᠤᠯᠬᠤ ᠶᠤᠮ᠂ ᠰᠠᠷᠭᠠᠢ ᠤᠳᠤᠬᠠᠨ ᠨᠢᠭᠡᠨᠳᠡ | ᠠᠭᠤᠰᠭᠢᠨ ᠤ ᠠᠢ ᠡᠪᠡᠳᠴᠢᠨ ᠤᠯᠤᠭᠰᠠᠨ᠂ ᠡᠨᠡ ᠬᠡᠷᠡᠭ ᠭᠡᠷ ᠤᠨ ᠳᠤᠳᠤᠷ᠎ᠠ ᠡᠭᠦᠰᠦᠭᠰᠡᠨ ᠤᠴᠢᠷ ᠪᠤᠯᠬᠤᠷ | ᠬᠤᠭᠤᠷᠤᠨᠳᠦ ᠨᠢ ᠡᠪᠰᠡᠭᠦᠯᠵᠦ᠂ ᠶᠡᠬᠡᠰᠭᠡᠬᠦ ᠦᠭᠡᠢ ᠪᠠᠷ ᠰᠢᠢᠳᠪᠦᠷᠢᠯᠡᠵᠦ ᠦᠭᠬᠦ ᠶᠢ ᠬᠦᠰᠡᠨ ᠨᠠᠶᠢᠳᠠᠵᠦ ᠪᠠᠶᠢᠨ᠎ᠠ | ᠭᠡᠵᠠᠢ᠃ | ᠡᠭᠦᠨ ᠤ ᠳᠠᠷᠠᠭ᠎ᠠ ᠳᠤᠭᠳᠠᠭᠤᠨ ᠱᠦᠵᠢ ᠬᠤᠳᠠ ᠶᠢᠨ ᠨᠠᠮ ᠤᠨ ᠬᠤᠷᠢᠶᠠᠨ ᠤ ᠱᠦᠵᠢ ᠳᠡᠯᠡᠬᠡᠢ ᠲᠠᠷᠤᠭ᠎ᠠ | ᠶᠢᠨ ᠠᠯᠪᠠᠨ ᠭᠡᠷ ᠲᠤ ᠬᠦᠷᠴᠦ ᠬᠡᠷᠡᠭ ᠤᠨ ᠦᠨᠳᠦᠰᠦᠨ ᠪᠠᠶᠢᠳᠠᠯ ᠢ ᠶᠡᠭᠡ ᠲᠦᠯᠦᠪ ᠤᠷᠢᠳᠴᠢᠯᠠᠨ ᠮᠡᠳᠡᠭᠦᠯᠵᠦ᠂ | ᠤᠳᠤᠷᠢᠳᠬᠤ ᠺᠠᠳᠠᠷ ᠨᠡᠯᠢᠶᠡᠳ ᠤᠯᠠᠨ ᠬᠤᠯᠪᠤᠭᠳᠠᠬᠤ ᠳᠤᠬᠠᠢ ᠶᠠᠷᠢᠬᠤ ᠳᠤ᠂ ᠳᠡᠯᠡᠬᠡᠢ ᠱᠦᠵᠢ᠄ | — ᠬᠡᠨ ᠬᠠᠤᠯᠢ ᠶᠢ ᠵᠦᠷᠢᠴᠡᠪᠡᠯ ᠬᠡᠨ ᠠᠴᠠ ᠳᠠᠷᠤᠢ ᠬᠠᠷᠢᠭᠤᠴᠠᠯᠭ᠎ᠠ ᠨᠡᠬᠡᠮᠵᠢᠯᠡᠨ᠎ᠡ᠂ ᠬᠠᠤᠯᠢ ᠶᠢ | ᠵᠦᠷᠢᠴᠡᠭᠰᠡᠳ ᠢ ᠲᠡᠭ ᠢᠶᠠᠷ ᠠᠭᠤᠴᠢᠯᠠᠬᠤ ᠳᠦᠷᠢᠮ ᠢ ᠪᠠᠷᠢᠮᠳᠠᠯᠠᠬᠤ ᠬᠡᠷᠭᠳᠠᠢ᠂ ᠡᠭᠦᠨ ᠳᠤ ᠭᠠᠳᠠᠭᠠᠳᠦ | ᠳᠤᠳᠤᠭᠠᠳᠦ ᠤᠷᠴᠢᠨ ᠲᠤᠭᠤᠷᠢᠨ ᠤ ᠡᠷᠬᠡ ᠵᠡᠷᠭᠡ ᠶᠢᠨ ᠲᠠᠷᠤᠯᠳᠠ ᠳᠤ ᠭᠤᠶᠢᠪᠢᠵᠦ ᠪᠤᠯᠬᠤ ᠦᠭᠡᠢ ᠭᠡᠵᠦ ᠲᠦᠪ | ᠴᠢᠩᠭ᠎ᠠ ᠱᠠᠭᠠᠷᠳᠠᠯᠭ᠎ᠠ ᠲᠠᠯᠪᠢᠵᠠᠢ᠃ | ᠱᠤᠤᠭᠢᠶᠠᠨ ᠬᠤᠳᠠ ᠶᠢᠨ ᠰᠠᠬᠢᠯᠭ᠎ᠠ ᠪᠠᠳᠦ ᠪᠠᠶᠢᠴᠠᠭᠠᠬᠤ ᠬᠤᠷᠢᠶ᠎ᠠ ᠨᠢ ᠲᠤᠰ ᠬᠡᠷᠡᠭ ᠢ ᠬᠦᠯᠢᠶᠡᠨ | ᠠᠪᠤᠭᠰᠠᠨ ᠤ ᠳᠠᠷᠠᠭ᠎ᠠ᠂ ᠳᠡᠭᠡᠳᠦ ᠬᠡᠮᠵᠢᠶ᠎ᠡ ᠪᠠᠷ ᠬᠦᠨᠳᠦᠳᠭᠡᠨ ᠴᠢᠬᠤᠯᠠᠴᠢᠯᠠᠵᠦ᠂ ᠰᠤᠳᠤᠯᠠᠨ ᠶᠠᠷᠢᠯᠴᠠᠬᠤ ᠬᠤᠷᠠᠯ | ᠬᠢᠵᠦ᠂ ᠲᠤᠰᠠᠬᠠᠢ ᠪᠠᠶᠢᠴᠠᠭᠠᠬᠤ ᠲᠤᠭᠤᠶᠢᠯᠠᠩ ᠪᠠᠶᠢᠭᠤᠯᠵᠦ᠂ ᠨᠠᠷᠢᠨ ᠬᠢᠨᠠᠮᠠᠭᠠᠢ ᠮᠦᠷᠳᠡᠨ ᠪᠠᠶᠢᠴᠠᠭᠠᠯᠳᠠ | ᠦᠷᠨᠢᠬᠦᠯᠦᠭᠰᠡᠨ ᠪᠠᠶᠢᠨ᠎ᠠ᠃ | ᠨᠢᠭᠡ᠂ ᠪᠢᠴᠢᠬᠠᠨ ᠬᠡᠦᠬᠡᠨ ᠲᠠᠭᠤᠷᠢᠰᠬᠠᠯ ᠪᠤᠯᠦᠨ ᠢᠮᠢᠨ ᠤ ᠢᠷᠡᠯ ᠭᠠᠷᠤᠯ ᠤᠨ ᠲᠤᠬᠠᠢ ᠵᠤᠬᠢᠬᠤ | ᠬᠡᠮᠵᠢᠶᠡᠨ ᠤ ᠪᠠᠶᠢᠴᠠᠭᠠᠯᠳᠠ ᠬᠢᠭᠰᠡᠨ ᠤ ᠳᠠᠷᠠᠭ᠎ᠠ᠂ ᠡᠷᠳᠡᠨᠢᠱᠢᠷᠦ᠂ ᠰᠦᠮᠡᠨ᠂ ᠰᠠᠷᠭᠠᠢ ᠵᠡᠷᠭᠡ ᠬᠦᠮᠦᠰ ᠤᠨ | ᠬᠡᠦᠬᠡᠳ ᠰᠠᠷᠭᠠᠶᠢᠯᠠᠭᠰᠠᠨ ᠬᠡᠷᠡᠭ ᠲᠤ ᠬᠤᠯᠪᠤᠭᠳᠠᠬᠤ᠂ ᠪᠠᠰᠠ ᠶᠡᠭᠡ ᠬᠡᠦᠬᠡᠨ ᠰᠦᠮᠡᠨ ᠤ ᠡᠷᠳᠡᠨ ᠤ ᠡᠳ᠋ | ᠰᠠᠷᠭᠠᠶᠢᠯᠠᠭᠰᠠᠨ ᠬᠡᠷᠡᠭ ᠤᠨ ᠳᠤᠬᠠᠢ ᠬᠠᠮᠢᠶ᠎ᠠ ᠪᠦᠬᠦᠢ ᠰᠡᠵᠢᠭ ᠲᠠᠢ ᠮᠠᠲ᠋ᠧᠷᠢᠶᠠᠯ ᠢ ᠱᠤᠤᠭᠢᠶᠠᠨ ᠬᠤᠳᠠ ᠶᠢᠨ | ᠲᠤᠳᠤᠭᠠᠳᠦ ᠶᠢ ᠬᠠᠮᠠᠭᠠᠯᠠᠬᠤ ᠲᠤᠪᠴᠢᠶᠠᠨ ᠳᠤ ᠲᠤᠰᠢᠶᠠᠨ ᠦᠭᠴᠦ᠂ ᠲᠤᠳᠤᠭᠠᠳᠦ ᠶᠢ ᠬᠠᠮᠠᠭᠠᠯᠠᠬᠤ ᠲᠤᠪᠴᠢᠶ᠎ᠠ | ᠤᠯᠠᠮ ᠨᠢᠭᠡ ᠠᠯᠬᠤᠮ ᠨᠠᠷᠢᠯᠢᠭ ᠪᠠᠶᠢᠴᠠᠭᠠᠯᠳᠠ ᠬᠢᠬᠦ ᠪᠠ ᠪᠤᠳᠠᠳᠠᠢ ᠪᠠᠶᠢᠴᠠᠭᠠᠭᠰᠠᠨ ᠬᠠᠷᠢᠭᠤ ᠮᠡᠳᠡᠭᠦᠯᠦᠯᠳᠡ | ᠪᠢᠴᠢᠭᠦᠯᠬᠦ ᠪᠠᠷ ᠱᠠᠭᠠᠷᠳᠠᠭᠰᠠᠨ ᠪᠠᠶᠢᠨ᠎ᠠ᠃ | ᠬᠤᠶᠠᠷ᠂ ᠶᠡᠭᠡ ᠬᠡᠦᠬᠡᠨ ᠰᠦᠮᠡᠨ ᠤ ᠡᠷᠳᠡᠨ ᠤ ᠡᠳ᠋ ᠰᠠᠷᠭᠠᠶᠢᠯᠠᠭᠰᠠᠨ ᠬᠡᠷᠡᠭ ᠲᠤ ᠲᠡᠭᠦᠨ ᠤ ᠳᠡᠭᠦᠦ | ᠤᠮᠤᠭᠳᠤ ᠨᠢ ᠬᠤᠳᠠ ᠶᠢᠨ ᠳᠤᠳᠤᠭᠠᠳᠤ ᠶᠢ ᠬᠠᠮᠠᠭᠠᠯᠠᠬᠤ ᠲᠤᠪᠴᠢᠶᠠᠨ ᠤ ᠳᠠᠷᠤᠭ᠎ᠠ ᠡᠷᠴᠢ ᠳᠤ ᠪᠡᠯᠡᠭ ᠵᠤᠭᠤᠰ | ᠬᠦᠷᠭᠡᠵᠦ᠂ ᠯᠢᠶᠤᠤᠨᠢᠩ ᠮᠤᠵᠢ ᠶᠢᠨ ᠳᠤᠳᠤᠭᠠᠳᠤ ᠶᠢ ᠬᠠᠮᠠᠭᠠᠯᠠᠬᠤ ᠲᠤᠪᠴᠢᠶᠠᠨ ᠤ ᠬᠠᠮᠢᠶ᠎ᠠ ᠪᠦᠬᠦᠢ ᠳᠠᠷᠤᠭ᠎ᠠ ᠲᠠᠢ | ᠬᠤᠯᠪᠤᠭᠠᠯᠠᠨ ᠲᠤᠰ ᠬᠡᠷᠡᠭ ᠢ ᠪᠠᠯᠠᠯᠤᠭᠰᠠᠨ ᠬᠡᠷᠡᠭ ᠤᠴᠢᠷ ᠬᠢᠭᠡᠳ ᠤᠮᠤᠭᠳᠤ ᠪᠠᠰᠠ ᠤᠯᠠᠭᠠᠨ ᠲᠤᠭᠤᠷᠢᠭ ᠤᠨ | ᠳᠤᠳᠤᠭᠠᠳᠤ ᠶᠢ ᠬᠠᠮᠠᠭᠠᠯᠠᠬᠤ ᠲᠤᠪᠴᠢᠶᠠᠨ ᠤ ᠲᠤᠪᠴᠢᠶᠠᠨ ᠳᠠᠷᠤᠭ᠎ᠠ ᠦᠷᠯᠦᠭ ᠲᠤ ᠪᠡᠯᠡᠭ ᠰᠡᠯᠳᠡ ᠬᠦᠷᠭᠡᠵᠦ | ᠪᠠᠶᠢᠭᠠᠳ᠂ ᠳᠤᠳᠤᠭᠠᠳᠦ ᠶᠢ ᠬᠠᠮᠠᠭᠠᠯᠠᠬᠤ ᠲᠤᠪᠴᠢᠶᠠᠨ ᠤ ᠠᠮᠤᠷ ᠢ ᠬᠠᠮᠠᠭᠠᠯᠠᠬᠤ ᠰᠠᠯᠠᠭᠠᠨ ᠳᠠᠷᠤᠭ᠎ᠠ ᠶᠢᠨ | ᠲᠤᠰᠢᠶᠠᠯ ᠳᠡᠪᠰᠢᠭᠰᠡᠨ ᠵᠢᠴᠢ ᠢᠮᠢᠨ ᠢ ᠨᠤᠵᠢᠳᠯᠠᠭᠰᠠᠨ ᠬᠡᠷᠡᠭ ᠤᠴᠢᠷ᠃ | ᠭᠤᠷᠪᠠ᠂ ︿︿ᠦᠢᠯᠡᠰ﹀﹀ ᠨᠡᠷᠡᠮᠵᠢᠳᠦ ᠭᠡᠷ ᠪᠠᠷᠢᠯᠭ᠎ᠠ ᠶᠢᠨ ᠺᠤᠮᠫᠠᠨᠢ ᠶᠢᠨ ᠳᠠᠭᠠᠭᠠᠮᠠᠯ ᠡᠷᠳᠡᠨᠢᠱᠢᠷᠦ | ᠤᠯᠤᠰ ᠤᠨ ᠭᠠᠶᠢᠯᠢ ᠠᠴᠠ ᠲᠤᠳᠠᠭᠠᠬᠤ ᠶᠢᠨ ᠲᠦᠯᠦᠭᠡ ᠬᠤᠳᠠ ᠶᠢᠨ ᠭᠠᠶᠢᠯᠢ ᠶᠢᠨ ᠲᠤᠪᠴᠢᠶᠠᠨ ᠤ ᠲᠤᠪᠴᠢᠶᠠᠨ | ᠳᠠᠷᠤᠭ᠎ᠠ ᠶᠡᠭᠡ ᠠᠰᠢᠳᠠ ᠲᠠᠢ ᠡᠷᠡᠭᠳᠠᠢ ᠡᠮᠡᠭᠳᠡᠢ ᠶᠢᠨ ᠲᠦᠪ ᠪᠤᠰᠦ ᠬᠠᠷᠢᠴᠠᠭ᠎ᠠ ᠪᠠᠶᠢᠭᠤᠯᠤᠭᠰᠠᠨ ᠪᠠ ᠶᠡᠭᠡ ᠠᠰᠢᠳᠠ | ᠳᠠᠷᠤᠭ᠎ᠠ ᠳᠤ ᠬᠤᠳᠠᠯᠳᠤᠭᠠᠨ ᠤ ᠲᠠᠩᠬᠢᠮ ᠪᠡᠯᠡᠭᠯᠡᠭᠰᠡᠨ ᠬᠡᠷᠡᠭ ᠤᠴᠢᠷ᠃ | ᠳᠦᠷᠪᠡ᠂ ᠱᠤᠤᠭᠢᠶᠠᠨ ᠬᠤᠳᠠ ᠶᠢᠨ ᠬᠦᠬᠡ ᠲᠤᠭᠤᠷᠢᠭ ᠤᠨ ᠠᠷᠠᠳ ᠤᠨ ᠰᠢᠭᠦᠬᠦ ᠬᠤᠷᠢᠶᠠᠨ ᠤ ᠬᠠᠤᠯᠢ ᠶᠢᠨ | ᠲᠠᠰᠥᠯᠠᠭᠴᠢ ᠰᠦᠷᠯᠢᠭ ᠪᠤᠯᠤᠨ ᠱᠤᠤᠭᠢᠶᠠᠨ ᠬᠤᠳᠠ ᠶᠢᠨ ᠳᠤᠮᠳᠠ ᠵᠡᠷᠭᠡ ᠶᠢᠨ ᠰᠢᠭᠦᠬᠦ ᠬᠤᠷᠢᠶᠠᠨ ᠤ ᠳᠠᠩᠬᠢᠮ ᠤᠨ | ᠲᠠᠷᠤᠭ᠎ᠠ ᠦᠨᠢ ᠬᠤᠶᠠᠷ ᠤᠨ ᠰᠠᠷᠭᠠᠢ ᠶᠢᠨ ᠬᠦᠷᠭᠡᠭᠰᠡᠨ ᠬᠡᠭᠡᠯᠢ ᠬᠠᠭ᠋ᠤᠤᠯᠢ ᠶᠢ ᠢᠳᠡᠭᠰᠡᠨ ᠵᠢᠴᠢ ᠰᠠᠷᠭᠠᠢ ᠶᠢᠨ | ᠬᠡᠭᠡᠯᠢ ᠳᠦᠯᠬᠢᠭᠰᠡᠨ ᠬᠡᠷᠡᠭ ᠤᠴᠢᠷ᠃ | ᠲᠠᠪᠦ᠂ ᠱᠤᠤᠭᠢᠶᠠᠨ ᠬᠤᠳᠠ ᠶᠢᠨ ᠡᠮᠨᠡᠯᠭᠡ ᠶᠢᠨ ᠬᠤᠷᠢᠶᠠᠨ ᠤ ᠡᠮᠴᠢ ᠢᠷᠭᠤᠢ ᠶᠢᠨ ᠭᠤᠷᠪᠠᠨ ᠲᠦᠮᠡᠨ | ᠲᠦᠭᠦᠷᠢᠭ ᠬᠡᠭᠡᠯᠢ ᠢᠳᠡᠵᠦ᠂ ᠬᠦᠦ ᠬᠡᠦᠬᠡᠨ ᠵᠦᠢᠷᠡᠢ ᠬᠦᠩᠭᠡᠵᠢᠭᠰᠡᠨ ᠭᠡᠷᠡᠴᠢ ᠲᠡᠮᠳᠡᠭ ᠪᠢᠴᠢᠵᠦ ᠦᠭᠭᠦᠭᠰᠡᠨ | ᠬᠡᠷᠡᠭ ᠤᠴᠢᠷ᠃ | ᠵᠢᠷᠭᠤᠭ᠎ᠠ᠂ ᠤᠯᠠᠭᠠᠨ ᠲᠤᠭᠤᠷᠢᠭ ᠤᠨ ᠲᠤᠮᠢᠯᠠᠭᠰᠠᠨ ᠰᠠᠯᠪᠤᠷᠢ ᠶᠢᠨ ᠴᠠᠭᠳᠠᠭᠴᠢ ᠵᠠᠪᠰᠢᠶᠠᠨ ᠲᠠᠪᠤᠨ ᠲᠦᠮᠡᠨ | ᠲᠦᠭᠦᠷᠢᠭ ᠬᠡᠭᠡᠯᠢ ᠢᠳᠡᠵᠦ᠂ ᠰᠠᠷᠭᠠᠢ ᠶᠢᠨ ᠡᠷᠦᠬᠡ ᠠᠮᠠ ᠶᠢᠨ ᠳᠠᠩᠰᠠᠨ ᠳᠤ ᠬᠦᠦ᠂ ᠦᠬᠢᠨ ᠤ ᠨᠡᠷ᠎ᠡ ᠶᠢ ᠨᠡᠮᠡᠵᠦ | ᠤᠷᠤᠭᠤᠯᠠᠭᠰᠠᠨ ᠬᠡᠷᠡᠭ ᠤᠴᠢᠷ᠃ | ᠳᠤᠯᠤᠭ᠎ᠠ᠂ ᠳᠠᠭᠤᠷᠢᠶᠠᠯ ᠢ ᠡᠷᠦᠬᠡ ᠠᠮᠠ ᠰᠢᠯᠵᠢᠭᠦᠯᠬᠦ ᠳᠤ ᠡᠷᠦᠬᠡ ᠠᠮᠠ ᠶᠢᠨ ᠬᠠᠮᠢᠶᠠᠷᠤᠯᠳᠠ ᠶᠢᠨ ᠭᠠᠵᠠᠷ | ᠤᠨ ᠬᠠᠮᠢᠶᠠᠷᠤᠭᠴᠢ ᠴᠠᠭᠳᠠᠭᠴᠢ ᠨᠠᠶᠢᠷᠰᠠᠭ ᠤᠨ ᠬᠤᠶᠠᠷ ᠲᠦᠮᠡᠨ ᠲᠦᠭᠦᠷᠢᠭ ᠤᠨ ᠬᠡᠭᠡᠯᠢ ᠪᠡᠯᠡᠭ ᠢᠳᠡᠭᠰᠡᠨ ᠬᠡᠷᠡᠭ | ᠤᠴᠢᠷ᠃ | ᠨᠠᠢᠮᠠ᠂ ᠵᠠᠭᠠᠯᠳᠤᠭᠴᠢ ᠠᠰᠬᠠᠨ᠂ ᠠᠷᠪᠠᠭᠠᠳ ᠵᠢᠯ ᠤᠨ ᠡᠮᠦᠨ᠎ᠡ ᠤᠯᠤᠰ ᠤᠨ ᠦᠮᠴᠢᠯᠡᠯᠳᠦ ᠺᠤᠮᠫᠠᠨᠢ ᠳᠤ | ᠠᠵᠢᠯᠯᠠᠵᠦ ᠪᠠᠶᠢᠬᠤ ᠳᠠᠭᠠᠨ ᠤᠯᠤᠰ ᠤᠨ ᠡᠳ᠋ ᠬᠦᠷᠦᠩᠭᠡ ᠶᠢ ᠶᠡᠬᠡᠪᠡᠷ ᠮᠦᠯᠵᠢᠭᠰᠡᠨ ᠬᠡᠷᠡᠭ ᠤᠴᠢᠷ᠃ | ᠱᠤᠤᠭᠢᠶᠠᠨ ᠬᠤᠳᠠ ᠶᠢᠨ ᠰᠠᠬᠢᠯᠭ᠎ᠠ ᠪᠠᠳᠦ ᠪᠠᠶᠢᠴᠠᠭᠠᠬᠤ ᠬᠤᠷᠢᠶ᠎ᠠ ᠨᠢ ᠶᠡᠭᠡ ᠬᠡᠪᠴᠢᠶᠡᠨ ᠤ ᠨᠠᠷᠢᠯᠢᠭ | ᠪᠠᠶᠢᠴᠠᠭᠠᠯᠳᠠ ᠪᠠᠷ ᠳᠠᠮᠵᠢᠭᠠᠳ᠂ ᠲᠤᠰ ᠬᠡᠷᠡᠭ ᠲᠤ ᠬᠤᠯᠪᠤᠭᠳᠠᠭᠰᠠᠨ ᠡᠳᠡᠭᠡᠷ ᠬᠡᠷᠡᠭ ᠤᠴᠢᠷ ᠢ ᠮᠦᠷᠳᠡᠨ ᠭᠠᠷᠭᠠᠵᠦ᠂ | ᠬᠡᠷᠡᠭ ᠶᠠᠯ᠎ᠠ ᠦᠢᠯᠡᠳᠤᠭ᠍ᠰᠡᠨ ᠰᠡᠵᠢᠭ ᠲᠠᠢ ᠬᠦᠮᠦᠰ ᠢ ᠪᠦᠬᠦᠨ ᠢ ᠪᠠᠷᠢᠪᠴᠢᠯᠠᠵᠦ᠂ ᠱᠤᠤᠭᠢᠶᠠᠨ ᠬᠤᠳᠠ ᠶᠢᠨ | ᠠᠷᠠᠳ ᠤᠨ ᠪᠠᠶᠢᠴᠠᠭᠠᠬᠤ ᠬᠤᠷᠢᠶ᠎ᠠ ᠪᠤᠯᠤᠨ ᠠᠷᠠᠳ ᠤᠨ ᠰᠢᠭᠦᠬᠦ ᠬᠤᠷᠢᠶᠠᠨ ᠳᠤ ᠲᠤᠰᠢᠶᠠᠨ ᠦᠭᠭᠦᠭᠰᠡᠨ | ᠪᠠᠶᠢᠯ᠎ᠠ᠃ | ᠤᠭᠳᠠᠷᠭᠤᠢ ᠳᠤ ᠪᠠᠷᠠᠭᠠᠨ ᠡᠭᠦᠯᠡ ᠡᠯᠡᠰᠦᠨ ᠰᠢᠭᠤᠷᠠᠭ᠎ᠠ ᠳᠡᠭᠳᠡᠵᠦ᠂ ᠭᠠᠷᠠᠮᠠᠨ ᠬᠤᠳᠠ ᠶᠢᠨ ᠤᠷᠤᠢ | ᠲᠡᠭᠡᠭᠦᠷ ᠪᠤᠷᠤᠭᠠᠨ ᠰᠠᠯᠬᠢᠨ ᠬᠤᠶᠢᠯᠠᠷᠠᠵᠦ ᠪᠠᠶᠢᠭᠰᠠᠨ ᠢᠶᠠᠨ ᠭᠡᠨᠡᠳᠳᠠ ᠬᠦᠬᠡ ᠲᠡᠭᠷᠢ ᠠᠭᠤᠷᠰᠠᠨ᠂ ᠠᠶᠤᠩᠭ᠎ᠠ | ᠴᠠᠬᠢᠯᠭᠠᠨ ᠨᠢᠵᠢᠭᠡᠨᠡᠵᠦ᠂ ᠬᠤᠷᠤᠮᠬᠠᠨ ᠵᠠᠭᠤᠷ᠎ᠠ ᠦᠷ ᠭᠡᠶᠢᠨ ᠡᠳᠦᠷ ᠭᠡᠭᠡᠷᠡᠨ ᠲᠤᠩᠭᠠᠯᠠᠭᠰᠢᠨ᠎ᠠ᠃ ᠵᠠᠷᠢᠮ ᠳᠠᠭᠠᠨ | ᠪᠠᠶᠢᠭᠠᠯᠢ ᠶᠢᠷᠳᠢᠨᠴᠦ ᠶᠢᠨ ᠴᠠᠭ ᠠᠭᠤᠷ ᠤᠨ ᠬᠤᠪᠢᠷᠠᠯᠳᠠ ᠨᠢ ᠬᠦᠮᠦᠨ ᠤ ᠪᠤᠳᠤᠯ ᠰᠢᠭ᠋ ᠢᠶᠠᠨ ᠡᠰᠡᠬᠦᠯ᠎ᠡ ᠬᠦᠮᠦᠨ ᠤ | ᠪᠤᠳᠤᠯ ᠨᠢ ᠪᠠᠶᠢᠭᠠᠯᠢ ᠶᠢᠷᠳᠢᠨᠴᠦ ᠰᠢᠭ ᠢᠶᠠᠨ ᠡᠭᠡᠳᠡᠷᠡᠭᠡᠨ ᠪᠤᠳᠤᠯᠢᠶᠠᠨ ᠲᠠᠢ ᠶᠢ ᠤᠷᠢᠳᠴᠢᠯᠠᠵᠦ ᠲᠦᠰᠦᠪᠯᠡᠬᠦ ᠳᠤ | ᠪᠡᠷᠬᠡᠰᠢᠶᠡᠨᠡ᠃ ᠠᠮᠢᠳᠤᠷᠠᠯ ᠠᠬᠤᠢ ᠳᠤᠮᠳᠠ ᠦᠨᠡᠨ ᠬᠤᠳᠠᠯ᠂ ᠵᠦᠪ ᠪᠤᠷᠤᠭᠤ ᠦᠨᠦᠷ ᠠᠮᠳᠠ ᠪᠠ ᠬᠠᠷ᠎ᠠ ᠴᠠᠭᠠᠨ | ᠤᠯᠠᠨ ᠦᠩᠭᠡ ᠬᠤᠯᠢᠴᠠᠭᠰᠠᠨ ᠤᠴᠠᠷᠠᠯ ᠲᠤᠬᠢᠶᠠᠯᠳᠤᠯ ᠤᠳ ᠨᠢᠳᠦ ᠰᠡᠳᠭᠢᠯ ᠢ ᠡᠷᠢᠶᠡᠨᠳᠡᠭᠦᠯᠦᠨ᠂ ᠰᠢᠷᠤᠢ | ᠲᠤᠳᠤᠷ᠎ᠠ ᠠᠴᠠ ᠬᠠᠰ ᠲᠡᠭᠦᠬᠦ ᠮᠡᠳᠦ ᠠᠮᠠᠷᠬᠠᠨ ᠰᠢᠭᠤᠳ ᠢᠯᠭᠠᠨ ᠰᠠᠯᠭᠠᠬᠤ ᠳᠤ ᠬᠦᠴᠢᠷᠳᠡᠨ᠎ᠡ᠃ ᠢᠯᠠᠭᠴᠢ᠂ | ᠢᠯᠠᠭᠳᠠᠭᠴᠢ ᠬᠤᠶᠠᠷ ᠲᠠᠯ᠎ᠠ ᠶᠢᠨ ᠬᠦᠮᠦᠰ ᠤᠨ ᠡᠷᠡᠭᠦᠯ ᠪᠤᠰᠦ ᠦᠷᠢᠰᠦᠯᠳᠦᠭᠡᠨ ᠤ ᠬᠤᠷᠤᠮ ᠰᠠᠨᠠᠭ᠎ᠠ᠂ ᠵᠠᠯᠢ ᠮᠡᠭᠡ | ᠠᠬᠤᠭᠤᠯᠠᠭᠴᠢ ᠶᠢᠨ ᠬᠡᠨ ᠠᠯᠢᠨ ᠴᠦ ᠬᠠᠮᠤᠭ ᠡᠴᠦᠰ ᠲᠡᠭᠡᠨ ᠲᠠᠯᠠᠭᠠᠷ ᠪᠤᠯᠬᠤ ᠬᠤᠤᠷ ᠤᠨ ᠦᠨᠳᠦᠰᠦᠨ ᠲᠡᠷᠡ | ᠪᠢᠰᠢᠦ︕ | | |