ᠮᠡᠨᠳᠦ ᠰᠠᠶᠢᠬᠠᠨ
ᠨᠡᠶᠢᠲᠡᠯᠡᠭᠰᠡᠨ ᠴᠠᠭ᠄
2024/4/26
     ᠮᠡᠨᠳᠦ ᠰᠠᠶᠢᠬᠠᠨ‌ᠮᠠᠨ ᠤ ᠮᠣᠩᠭᠤᠯ ᠥᠨᠳᠦᠰᠦᠲᠡᠨ ᠡᠷᠲᠡ ᠥᠶ᠎ᠡ ᠠᠴᠠ ᠪᠠᠨ ᠶᠣᠰᠤᠯᠠᠵᠤ ᠮᠡᠨᠳᠦᠯᠡᠬᠦ ᠰᠠᠶᠢᠬᠠᠨ ᠳᠠᠳᠬᠠᠯ ᠲᠠᠢ᠃ᠥᠶ᠎ᠡ ᠨᠠᠰᠤ ᠪᠠᠷ᠂ ᠬᠥᠢᠰᠦ ᠢᠯᠭᠠᠯ ᠢᠶᠠᠷ᠂ ᠠᠵᠢᠯ ᠠᠯᠪᠠ ᠪᠠᠷ᠂ ᠠᠵᠤ ᠪᠠᠶᠢᠳᠠᠯ ᠢᠶᠠᠷ᠂ ᠠᠮᠢᠳᠤᠷᠠᠯ ᠠᠬᠤᠢ ᠪᠠᠷ᠂ ᠠᠭᠤᠷ ᠠᠮᠢᠰᠬᠤᠯ ᠢᠶᠠᠷ᠂ ᠴᠠᠭ ᠤᠯᠠᠷᠢᠯ ᠢᠶᠠᠷ ᠁ ᠭᠡᠬᠦ ᠮᠡᠲᠦ ᠪᠠᠷ ᠨᠠᠷᠢᠨ ᠰᠢᠷᠢᠨ ᠮᠡᠨᠳᠦᠯᠡᠵᠦ ᠵᠣᠯᠭᠠᠬᠤ ᠶᠣᠰᠤᠨ ᠪᠠᠶᠢᠳᠠᠭ ᠪᠢᠯᠨ᠃        ᠨᠡᠶᠢᠭᠡᠮ ᠴᠠᠭ ᠤᠨ ᠬᠥᠭᠵᠢᠯ ᠳᠠᠪᠰᠢᠯᠲᠠ ᠶᠢ ᠳᠠᠭᠠᠵᠤ ᠥᠨᠳᠦᠰ᠊᠂‍ᠦᠲᠡᠨ ᠤ ᠶᠣᠰᠣ ᠵᠠᠩᠰᠢᠯ ᠤᠨ ᠵᠠᠷᠢᠮ ᠲᠠᠯ᠎ᠠ ᠥᠭᠡᠷᠡᠲᠡᠨ ᠬᠤᠪᠢᠷᠠᠳᠠᠭ ᠭᠡᠯ᠎ᠡ ᠴᠤ᠂ ᠪᠣᠯᠪᠠᠰᠤᠨ ᠰᠠᠶᠢᠬᠠᠨ ᠰᠤᠷᠲᠠᠯ ᠮᠤᠷᠠᠯ ᠨᠡᠩᠳᠡ ᠳᠡᠭᠡᠳᠦᠯᠡᠭᠳᠡᠨ ᠳᠡᠯᠭᠡᠷᠡᠬᠦ ᠶᠣᠰᠣᠲᠡᠢ᠃ ᠶᠣᠰᠤ ᠵᠠᠩᠰᠢᠯ ᠢᠶᠠᠨ ᠡᠷᠬᠢᠮᠯᠡᠨ ᠵᠢᠷᠤᠮᠯᠠᠬᠤ ᠨᠢ ᠰᠣᠶᠣᠯ ᠤᠬᠠᠮᠰᠠᠷ᠂ ᠦᠵᠡᠯ ᠰᠡᠳᠬᠢᠯᠭᠡ ᠲᠠᠢ ᠬᠤᠯᠪᠤᠭ᠎ᠠ ᠲᠠᠢ᠃ ᠮᠣᠩᠭᠤᠯᠴᠣᠳ ᠲᠡᠦᠬᠡ ᠶᠢᠨ ᠤᠷᠲᠤ ᠠᠶᠠᠨ ᠳᠤ ᠢᠳᠡᠪᠬᠢᠲᠡᠢ ᠲᠠᠪᠰᠢᠩᠭᠤᠢ᠂ ᠪᠠᠶᠠᠰᠤᠩᠭᠤᠢ ᠪᠠᠳᠠᠷᠠᠩᠭᠤᠢ ᠴᠤᠭ ᠵᠣᠯᠢ᠂ ᠵᠣᠷᠢᠭ ᠰᠠᠨᠠᠭ᠎ᠠ ᠶᠢ ᠪᠠᠷᠢᠵᠤ ᠶᠠᠪᠣᠭᠰᠠᠨ ᠠᠴᠠ ᠲᠡᠦᠬᠡ ᠶᠢᠨ ᠭᠠᠶᠢᠬᠠᠮᠰᠢᠭ ᠢ ᠪᠥᠲᠦᠭᠡᠵᠦ ᠴᠢᠳᠠᠵᠡᠢ᠃  ᠮᠥᠨ  ᠲᠡᠭᠦᠨ   ᠳᠤ   ᠪᠠᠨ  ᠲᠤᠬᠢᠷᠠᠭᠰᠠᠨ  ᠮᠡᠨᠳᠦᠴᠢᠯᠡᠭᠡᠨ   ᠤ  ᠵᠠᠩ  ᠦᠢᠯᠨ   ᠶᠢ  ᠪᠦᠲᠦᠭᠡᠵᠡᠢ᠃        ᠮᠡᠨᠳᠦ ᠵᠢᠨ‌‍ᠰᠠᠶᠢᠬᠠᠨ‌‍ᠶᠣᠰᠤ ᠪᠠᠨ ᠳᠡᠭᠡᠳᠦ ᠶᠢᠨ ᠥᠪ ᠰᠢᠭ ᠢᠶᠠᠨ ᠨᠠᠨᠳᠢᠩᠨᠠᠶ᠎ᠠ︕ᠮᠡᠨᠳᠦᠴᠢᠯᠡᠵᠦ ᠪᠠᠶᠢᠶ᠎ᠠ᠂ ᠮᠡᠨᠳᠦᠴᠢᠯᠡᠵᠦ ᠰᠤᠷᠤᠶ᠎ᠠ᠂ ᠮᠡᠨᠳᠦᠴᠢᠯᠡᠵᠦ ᠶᠠᠪᠣᠶ᠎ᠠ︕ ᠮᠡᠨᠳᠦ ᠪᠠᠷ ᠮᠡᠨᠳᠦ ᠶᠢᠨ ᠰᠠᠶᠢᠬᠠᠨ ᠳᠣᠬᠢᠶ᠎ᠠ ᠤᠯᠠᠮᠵᠢᠯᠠᠭᠳᠠᠳᠠᠭ᠂ ᠮᠡᠨᠳᠦ ᠰᠠᠶᠢᠬᠠᠨ ᠪᠡᠯᠭᠡ ᠤᠯᠠᠮᠵᠢᠯᠠᠭᠳᠠᠳᠠᠭ᠂ ᠮᠡᠨᠳᠦ ᠶᠠᠪᠤᠬᠤ ᠶᠢᠨ ᠢᠳᠡᠭᠡᠯ ᠴᠤ ᠨᠡᠮᠡᠭᠳᠡᠳᠡᠭ᠃ ︿︿ᠰᠠᠶᠢᠨ ᠤᠤ︖﹀﹀ ︿︿ᠠᠮᠤᠷ ᠤᠤ︖﹀﹀ ︿︿ᠮᠡᠨᠳᠦ ᠤᠤ︖﹀﹀ ︿︿ᠯᠠᠭᠱᠠᠨ︖﹀﹀ ᠡᠨᠡᠬᠡᠨ ᠮᠡᠨᠳᠦ ᠪᠠᠨ ᠡᠷᠡᠭᠡ ᠦᠭᠡᠢ ᠬᠡᠯᠡᠵᠦ ᠬᠡᠷᠡᠭᠯᠡᠵᠦ ᠪᠠᠶᠢᠶ᠎ᠠ︕ ᠪᠤᠵᠠᠷ ᠤᠨ ᠪᠤᠯᠠᠢ ᠰᠢᠩᠭᠡᠭᠰᠡᠨ ᠯᠣᠪᠰᠢ ᠶᠢᠨ ᠬᠠᠷᠢᠶᠠᠳᠤ ᠠᠴᠠ ᠬᠤᠯᠠᠬᠠᠨ ᠪᠠᠢ︕ ᠬᠡᠶᠢᠮᠤᠷᠢ ᠯᠤᠩᠲᠠᠩ ᠴᠢᠨᠢ ᠮᠠᠭᠤ ᠪᠣᠯᠣᠨ᠎ᠠ ᠰᠢᠦ︕ ᠬᠠᠷᠢᠶᠠᠯ ᠬᠡᠵᠢᠶ᠎ᠡ ᠴᠤ ᠬᠥᠮᠦᠰ ᠲᠤ ᠪᠠᠭ᠋ᠠᠷᠬᠠᠭᠳᠠᠬᠤ ᠦᠭᠡᠢ᠂ ᠬᠠᠷᠢᠶᠠᠯ ᠤᠨ ᠦᠭᠡ ᠪᠠᠷ ᠬᠥᠮᠦᠨ ᠬᠡᠵᠢᠶ᠎ᠡ ᠴᠤ ᠰᠤᠶᠤᠯᠵᠢᠬᠤ ᠦᠭᠡᠢ᠃ ᠬᠡᠳᠦᠢ ᠮᠡᠷᠭᠡᠨ ᠣᠷᠴᠢᠭᠤᠯᠤᠭᠰᠠᠨ ᠴᠣ᠋ ᠨᠤᠫᠧᠯ ᠤᠨ ᠱᠠᠩᠨᠠᠯ ᠳᠤ ᠰᠢᠯᠭᠠᠷᠠᠬᠤ ᠪᠠᠷ ᠦᠭᠡᠢ᠃        ᠴᠠᠭ ᠤᠨ ᠰᠠᠶᠢᠬᠠᠨ ᠳᠤ ᠲᠣᠷᠨᠢᠵᠤ ᠪᠣᠶᠢᠵᠢᠵᠤ ᠪᠠᠶᠢᠭ᠎ᠠ ᠵᠠᠯᠠᠭᠤᠰ ᠮᠢᠨᠢ᠂ ᠴᠠᠯ ᠪᠤᠭᠤᠷᠤᠯ ᠨᠠᠰᠤᠲᠠᠳ ᠤᠨ  ᠢᠶᠠᠨ ᠵᠢᠷᠦᠬᠡ ᠶᠢ ᠨᠢ ᠪᠤᠤ ᠰᠢᠮᠰᠢᠷᠡᠲᠡᠯ᠎ᠡ ᠬᠠᠷᠢᠶᠠᠯᠴᠠ︕ ᠬᠠᠷᠢᠶᠠᠯ ᠤᠨ ᠮᠠᠭᠤᠬᠠᠢ ᠳᠤ ᠲᠡᠭᠡᠳᠦᠰ ᠤᠨ ᠴᠢᠨᠢ ᠭᠡᠭᠡᠨ ᠰᠦᠨᠡᠰᠦ ᠲᠥᠭᠡᠷᠢᠴᠢᠬᠡᠨ᠎ᠡ ᠰᠢᠦ︕ ᠳᠡᠷᠭᠡᠳᠡᠬᠢ ᠶᠢᠨ ᠴᠢᠨᠢ ᠰᠠᠳᠤᠨ ᠰᠥᠯᠪᠡᠭᠡ ᠴᠢᠨᠢ ᠪᠣᠲᠠᠷᠠᠴᠢᠬᠠᠨ᠎ᠠ ᠰᠢᠦ︕        ᠣᠯᠠᠨ ᠵᠠᠭᠤᠨ ᠢ ᠮᠠᠨ ᠤ ᠳᠡᠭᠡᠳᠦᠰ ᠢᠷᠦᠭᠡᠯ ᠤᠨ ᠬᠥᠴᠦᠨ ᠳᠤ ᠮᠡᠨᠳᠦᠬᠡᠨ ᠲᠠᠭᠤᠯᠵᠤ ᠢᠷᠡᠭᠰᠡᠨ ᠶᠣᠮ᠂ ᠮᠡᠨᠳᠦᠴᠢᠯᠡᠨ᠎ᠡ ᠭᠡᠳᠡᠭ ᠴᠢᠨᠢ ᠣᠶᠢᠯᠭᠠᠯᠴᠢᠨ᠎ᠠ ᠯᠨ ᠭᠡᠰᠡᠨ ᠥᠭᠡ᠂ ᠢᠲᠡᠬᠡᠯᠴᠢᠨ᠎ᠡ ᠯᠨ ᠭᠡᠰᠡᠨ ᠥᠭᠡ᠂ ᠲᠠᠨᠢᠯᠴᠠᠨ᠎ᠠ ᠨᠥᠬᠦᠷᠯᠡᠨ᠎ᠡ ᠯᠨ ᠭᠡᠰᠡᠨ ᠦᠭᠡ︕ ᠰᠠᠶᠢᠨ ᠥᠭᠡ ᠰᠠᠶᠢᠬᠠᠨ ᠮᠡᠨᠳᠦ ᠭᠡᠳᠡᠭ ᠴᠢᠨᠢ ᠰᠡᠳᠬᠢᠯ ᠰᠠᠨᠠᠭ᠎ᠠ ᠶᠢ ᠰᠠᠷᠨ ᠨᠠᠷᠠ ᠰᠢᠭ᠋ ᠭᠡᠷᠡᠯᠲᠦᠭᠦᠯᠦᠭᠡᠳ ᠥᠭᠭᠦᠨ᠎ᠡ ᠭᠡᠨ᠎ᠡ︕  ︿︿ᠮᠠᠭᠤ ᠶᠢᠨ ᠶᠣᠰᠤ ᠪᠢᠰᠢ ᠮᠣᠩᠭᠤᠯ ᠤᠨ ᠰᠠᠶᠢᠬᠠᠨ ᠵᠠᠩᠰᠢᠯ ᠢᠶᠠᠷ﹀﹀ ᠬᠠᠮᠢᠭ᠎ᠠ ᠴᠤ ᠪᠣᠯᠪᠠ ᠰᠠᠶᠢᠬᠠᠨ ᠮᠡᠨᠳᠦᠯᠡᠵᠦ ᠪᠠᠶᠢᠭᠠᠷᠠᠢ︕ ᠮᠡᠨᠳᠦ ᠰᠠᠶᠢᠬᠠᠨ ᠰᠢᠦ᠂ ᠮᠡᠨᠳᠦ ᠰᠠᠶᠢᠬᠠᠨ ᠳᠤ ᠬᠥᠷᠦᠨ᠎ᠡ ᠰᠢᠦ︕
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号