ᠬᠠᠭᠤᠴᠢᠨ ᠬᠦᠦ
ᠨᠡᠶᠢᠲᠡᠯᠡᠭᠰᠡᠨ ᠴᠠᠭ᠄
2024/5/29
     ᠬᠦᠳᠡᠭᠡ ᠶᠢᠨ ᠪᠠᠶᠢᠳᠠᠯ ᠡᠯᠦᠢ ᠬᠤᠯᠤᠢ᠂ ᠴᠠᠭ ᠤᠨ ᠪᠠᠶᠢᠳᠠᠯ ᠤᠷᠤᠭ᠎ᠠ ᠪᠤᠰᠬᠠᠭ᠎ᠠ᠂ ᠠᠷᠪᠠ ᠶᠢ ᠪᠦᠷᠬᠦᠭᠦᠯᠦᠭᠰᠡᠨ ᠠᠷᠠᠳ ᠤᠨ ᠰᠠᠭᠤᠴᠠ ᠠᠲᠡ ᠳᠡᠨᠲᠡ ᠡᠩᠨᠡᠷᠡᠵᠤ᠂ ᠬᠠᠶᠠ ᠵᠠᠷᠢᠮ ᠭᠡᠷ ᠠᠴᠠ ᠤᠳᠤᠭ᠎ᠠ ᠰᠤᠭᠤᠨᠤᠭᠯᠠᠨ᠎ᠠ᠂ ᠠᠶᠢᠯ ᠳᠤᠮᠳᠠ ᠠᠪᠴᠠᠭᠠᠨ ᠤ ᠲᠡᠷᠭᠡ ᠵᠦᠷᠢᠯᠳᠦᠨ᠂ ᠠᠳᠡ ᠲᠡᠨᠳᠡ ᠡᠪᠡᠳᠴᠢᠨ ᠬᠢᠵᠢᠭ ᠤᠨ ᠴᠢᠮᠡᠭᠡ ᠲᠤᠭᠤᠯᠳᠤᠵᠤ᠂ᠮᠠᠯᠴᠢᠨ ᠬᠦᠮᠦᠨ ᠤ ᠰᠡᠳᠬᠢᠯ ᠢ ᠪᠤᠬᠢᠨᠢᠳᠤᠭᠤᠯᠤᠨ᠎ᠠ᠂ ᠮᠡᠳᠡᠭᠡ ᠤᠷᠤᠬᠤ ᠠᠴᠠ ᠠᠪᠤᠭᠠᠳ ᠮᠠᠩᠨᠠᠢ ᠦᠷᠴᠡᠶᠢᠬᠦ ᠪᠤᠯᠲᠠᠯ᠎ᠠ ᠨᠢᠬᠡ ᠨᠤᠲᠤᠭ ᠢ ᠰᠠᠬᠢᠵᠤ ᠨᠢᠬᠡ ᠠᠮᠢᠳᠤᠷᠠᠯ ᠡᠴᠦᠰᠯᠡᠨ᠎ᠠ᠃ ᠤᠷᠬᠢᠭ᠎ᠠ ᠵᠠᠮᠪᠠᠯ ᠤᠨ ᠬᠤᠪᠳᠤᠭ ᠨᠤᠶᠠᠳ ᠤᠨ ᠵᠤᠭᠤᠭ ᠪᠠ ᠬᠡᠰᠦᠭᠦᠯ ᠲᠤᠷᠵᠢ ᠶᠢᠨ ᠨᠠᠶᠢᠷ ᠨᠠᠭᠠᠳᠤᠮ ᠤᠨ ᠶᠠᠷᠢᠶ᠎ᠠ ᠶᠢ ᠰᠤᠨᠤᠰᠴᠤ ᠴᠠᠭ ᠬᠤᠭᠤᠴᠠᠭ᠎ᠠ ᠶᠢ ᠨᠦᠭᠴᠢᠭᠡᠨ᠎ᠡ᠃ ᠰᠤᠷᠤᠭᠰᠠᠨ ᠠᠵᠢᠯ ᠢᠶᠠᠨ ᠬᠢᠵᠤ᠂ ᠳᠠᠰᠤᠭᠰᠠᠨ ᠠᠮᠢᠳᠤᠷᠠᠯ ᠢᠶᠠᠨ ᠳᠠᠪᠲᠠᠭᠰᠠᠭᠠᠷ᠂ ᠲᠡᠯᠡᠬᠡᠢ ᠶᠢᠨ ᠬᠦᠭᠵᠢᠯᠲᠠ ᠠᠴᠠ ᠬᠤᠴᠤᠷᠤᠨ᠎ᠠ᠃ ᠬᠤᠪᠢ ᠵᠠᠶᠠᠭ᠎ᠠ ᠪᠠᠨ ᠲᠡᠭᠷᠢ ᠳᠤ ᠳᠠᠭᠠᠳᠬᠠᠵᠤ᠂ ᠲᠦᠮᠡᠨ ᠬᠡᠷᠡᠭ  ᠠᠴᠠ ᠬᠤᠴᠤᠷᠤᠨ᠎ᠠ᠃  ᠬᠠᠭᠤᠴᠢᠨ ᠬᠦᠦ ᠤᠯᠠᠭᠠᠨ ᠮᠤᠲ᠋ᠤᠷ ᠢᠶᠠᠨ ᠤᠨᠤᠭᠰᠠᠭᠠᠷ ᠬᠦᠷᠴᠦ ᠢᠷᠡᠪᠡ᠂ ᠬᠦᠬᠡ ᠦᠩᠬᠡ ᠲᠠᠢ ᠮᠠᠯᠠᠭᠠᠢ ᠶᠢ ᠲᠤᠯᠤᠭᠠᠢ ᠳᠡᠭᠡᠷ᠎ᠡ ᠪᠠᠨ ᠲᠠᠯᠪᠢᠵᠠᠢ᠃ ᠬᠦᠨᠳᠦ ᠳᠠᠷᠤᠭᠠᠰᠤ ᠲᠠᠢ ᠴᠢᠷᠠᠢ ᠠᠴᠠ ᠨᠢ ᠬᠦᠯᠦᠰᠦ ᠪᠦᠮᠪᠦᠷᠢᠵᠤ᠂ ᠬᠠᠨᠴᠤᠢ ᠪᠠᠷ ᠢᠶᠠᠨ ᠬᠦᠯᠦᠰᠦ ᠪᠠᠨ ᠠᠷᠴᠢᠵᠤ ᠠᠪᠤᠭᠠᠳ ᠭᠡᠷ ᠲᠤ ᠤᠷᠤᠪᠠ᠂ ᠭᠠᠯᠳᠠᠨ ᠤ  ᠬᠢ ᠬᠤᠨᠢ ᠬᠤᠳᠠᠯᠳᠤᠪᠠ᠂ ᠪᠠᠭᠠᠲᠤᠷ ᠤᠨ ᠬᠢ ᠬᠤᠲᠠ ᠤᠷᠤᠵᠤ ᠠᠵᠢᠯ ᠤᠯᠪᠠ᠂ ᠵᠢᠭᠮᠡᠳ ᠤᠨ ᠦᠷᠢ ᠶᠢᠨ ᠡᠵᠡᠨ ᠰᠢᠬᠦᠬᠦ ᠳᠤ ᠵᠠᠭᠠᠯᠳᠤᠪᠠ᠂ ᠰᠦᠮᠪᠦᠷ ᠡᠷ᠎ᠡ ᠡᠮ᠎ᠡ ᠬᠤᠶᠠᠷ ᠬᠡᠷᠡᠭᠦᠯ ᠬᠢᠪᠡ ᠬᠡᠬᠦ ᠮᠡᠲᠤ ᠶᠢᠨ ᠠᠶᠢᠯ ᠤᠨ ᠵᠤᠭᠤᠭ ᠢ ᠰᠤᠨᠢᠨ ᠪᠤᠯᠭᠠᠵᠤ᠂ ᠲᠠᠯᠵᠢ ᠦᠬᠡᠢ ᠭᠡᠵᠤ ᠲᠤᠤᠭᠤᠷ ᠬᠠᠷᠠᠵᠤ᠂ ᠭᠠᠯᠵᠢ ᠦᠬᠡᠢ ᠭᠡᠵᠤ ᠭᠠᠵᠠᠷ ᠢ ᠰᠢᠷᠲᠡᠨ᠎ᠡ᠃        ᠬᠡᠳᠦᠶᠢᠪᠡᠷ ᠤᠬᠠᠭᠠᠨ ᠰᠡᠷᠭᠦᠯᠡᠩ ᠪᠤᠯᠪᠠᠴᠤ ᠬᠤᠯᠠ ᠭᠠᠵᠠᠷ ᠶᠠᠪᠤᠭᠰᠠᠨ ᠦᠬᠡᠢ᠂ ᠬᠤᠲᠠ ᠭᠠᠵᠠᠷ ᠢ ᠦᠵᠡᠭᠰᠡᠨ ᠦᠬᠡᠢ᠂ ᠭᠤᠷᠪᠠᠨ ᠲᠠᠰᠤᠯᠭ᠎ᠠ ᠮᠠᠯ ᠤᠨ ᠫᠧᠩ ᠳᠤ ᠬᠤᠨᠢ᠂ ᠢᠮᠠᠭ᠎ᠠ᠂ ᠭᠠᠭ᠋ᠠᠢ ᠭᠤᠷᠪᠠ ᠶᠢ ᠡᠭᠡᠯᠵᠢᠯᠡᠵᠤ ᠲᠡᠵᠢᠬᠡᠵᠤ᠂ ᠠᠷᠪᠠᠨ ᠮᠤ᠋ ᠭᠠᠵᠠᠷ ᠲᠠᠭᠠᠨ ᠪᠤᠷᠴᠠᠭ᠂ ᠰᠢᠰᠢ᠂ ᠨᠠᠷᠢᠮᠤ ᠭᠤᠷᠪᠠ ᠶᠢ ᠡᠭᠡᠯᠵᠢᠯᠡᠵᠤ ᠲᠠᠷᠢᠵᠤ᠂ ᠤᠷᠲᠤ ᠤᠳᠠᠭᠠᠨ ᠤᠨ ᠰᠠᠷ᠎ᠠ ᠶᠢ ᠨᠦᠭᠴᠡᠭᠡᠵᠤ ᠢᠷᠡᠵᠡᠢ᠃ ᠠᠶᠢᠯ ᠤᠨ ᠬᠤᠷᠰᠢᠶᠠᠨ ᠳᠤ ᠤᠴᠢᠪᠡᠯ ᠦᠷᠢ ᠨᠡᠬᠡᠭᠲᠡᠬᠦ ᠠᠴᠠ ᠠᠶᠤᠵᠤ᠂ ᠪᠠᠯᠭᠠᠰᠤ ᠤᠷᠤᠭᠤ ᠤᠷᠤᠪᠠᠯ ᠪᠠᠩᠬᠢ ᠶᠢᠨ ᠬᠦᠮᠦᠨ ᠲᠠᠭᠠᠷᠠᠬᠤ ᠠᠴᠠ ᠠᠶᠤᠨ᠎ᠠ᠂ ᠲᠠᠪᠤᠨ ᠵᠢᠯ ᠭᠤᠷᠪᠠᠨ ᠮᠤᠲ᠋ᠤᠷ ᠰᠤᠯᠢᠭᠰᠠᠨ ᠪᠤᠯᠪᠠᠴᠤ ᠠᠯᠢᠨ ᠤ ᠬᠢᠨ ᠮᠦᠩᠭᠦ ᠶᠢ ᠬᠦᠢᠴᠡᠳ ᠲᠦᠯᠦᠵᠤ ᠲᠡᠶᠢᠯᠦᠬᠡ ᠦᠬᠡᠢ᠂ ᠠᠲᠡ ᠲᠡᠨᠲᠡ ᠬᠦᠴᠦ ᠪᠠᠷ ᠬᠤᠨᠢ ᠬᠠᠷᠢᠭᠤᠯᠵᠤ ᠦᠵᠡᠭᠰᠡᠨ ᠪᠤᠯᠪᠠᠴᠤ ᠲᠡᠮᠡᠢ ᠦᠯᠡᠳᠡᠬᠦ ᠶᠠᠭᠤᠮ᠎ᠠ ᠦᠬᠡᠢ᠂ ᠬᠦᠮᠦᠨ ᠭᠤᠶᠤᠵᠤ ᠠᠮᠢ ᠠᠬᠤᠢ ᠶᠢᠨ ᠠᠩᠬᠢ ᠶᠢ ᠳᠠᠭᠠᠵᠤ ᠠᠵᠢᠯ ᠬᠢᠭᠰᠡᠨ ᠪᠤᠯᠪᠠᠴᠤ ᠬᠦᠮᠦᠨ ᠤ ᠬᠠᠷᠢᠶᠠᠯ ᠢ ᠢᠳᠡᠬᠦ ᠨᠢ ᠬᠡᠴᠡᠬᠦᠦ᠂ ᠠᠷᠭ᠎ᠠ ᠪᠤᠰᠤ ᠰᠤᠯᠠ ᠰᠡᠯᠡᠬᠦᠦ ᠪᠠᠷ ᠢᠶᠠᠨ ᠬᠤᠲᠠ ᠤᠷᠤᠵᠤ ᠲᠡᠬᠡᠬᠡᠵᠤ ᠪᠠᠭᠤᠯᠭᠠᠬᠤ ᠠᠵᠢᠯ ᠤᠯᠵᠤ ᠬᠢᠪᠡ᠂ ᠡᠳᠦᠷ ᠤᠨ ᠤᠯᠤᠭᠰᠠᠨ ᠢᠶᠠᠨ ᠡᠳᠦᠷ ᠲᠡᠭᠡᠨ ᠵᠠᠷᠤᠵᠤ ᠪᠤᠯᠬᠤ ᠲᠤᠯᠠ ᠬᠠᠮᠤᠭ ᠤᠨ ᠡᠷᠬᠡ ᠴᠢᠯᠬᠡ ᠲᠠᠢ ᠠᠵᠢᠯ ᠪᠤᠯᠪᠠ᠂ ᠬᠤᠲᠠ ᠬᠦᠳᠡᠭᠡ ᠦᠬᠡᠢ ᠲᠤᠤᠷ ᠰᠦᠯᠵᠢᠶ᠎ᠠ ᠨᠡᠪᠲᠡᠷᠡᠭᠰᠡᠨ ᠲᠤᠯᠠ ᠰᠤᠷᠠᠭ ᠲᠤᠬᠢᠶ᠎ᠠ ᠰᠠᠶᠢᠨ᠂ ︽ᠺᠤᠸᠠᠢ ᠱᠸᠤ᠂ ᡁᠢ ᠪᠦᠸᠧ᠂ ᠳ᠋ᠸᠤ ᠶᠢᠨ︶ ᠬᠡᠵᠤ ᠤᠶᠢᠳᠬᠠᠷᠯᠠᠬᠤ ᠶᠠᠭᠤᠮ᠎ᠠ ᠦᠬᠡᠢ᠂ ᠢᠳᠡᠬᠦ ᠡᠮᠦᠰᠬᠦ ᠪᠠᠰᠠ ᠲᠤᠳᠠᠬᠤ ᠶᠠᠭᠤᠮ᠎ᠠ ᠦᠬᠡᠢ᠂ ᠨᠡᠶᠢᠭᠡᠮ ᠤᠨ ᠰᠠᠶᠢᠨ᠂ ᠴᠠᠭ ᠤᠨ ᠰᠠᠶᠢᠬᠠᠨ ᠳᠤ ᠰᠡᠳᠬᠢᠯ ᠰᠠᠨᠠᠭᠠᠨ ᠤ ᠳᠠᠷᠤᠭᠠᠰᠤ ᠲᠠᠢ ᠴᠦ ᠠᠵᠢᠭ ᠦᠬᠡᠢ ᠠᠮᠢᠳᠤᠷᠠᠵᠤ ᠶᠠᠪᠤᠨ᠎ᠠ᠂ ᠵᠠᠬ᠎ᠠ ᠳᠡᠯᠭᠡᠭᠦᠷ ᠤᠨ ᠠᠵᠤ ᠠᠬᠤᠢ ᠡᠬᠢᠯᠡᠭᠰᠡᠨ ᠠᠴᠠ ᠠᠪᠤᠭᠠᠳ ᠲᠡᠭᠦᠨ ᠤ ᠲᠡᠭᠡᠳᠤ ᠦᠶ᠎ᠡ ᠠᠴᠠ ᠠᠮᠢᠳᠤᠷᠠᠵᠤ ᠢᠷᠡᠭᠰᠡᠨ ᠡᠷᠬᠡ ᠴᠢᠯᠦᠬᠡ ᠲᠠᠢ ᠠᠮᠢᠳᠤᠷᠠᠯ ᠨᠢ ᠨᠡᠬᠡᠨᠲᠡ ᠠᠯᠳᠠᠭᠳᠠᠵᠤ᠂ ᠠᠲᠡ ᠲᠡᠨᠲᠡ ᠲᠤᠭᠤᠷᠢᠨ ᠡᠯᠳᠡᠪ ᠤᠨ ᠠᠮᠢᠳᠤᠷᠠᠯ ᠢ ᠬᠢᠵᠤ ᠦᠷᠦᠨᠡᠲᠡᠬᠢᠨ ᠤ ᠬᠦᠯᠦᠰᠦᠨ ᠤ ᠠᠵᠢᠯᠴᠢᠨ ᠪᠤᠯᠵᠠᠢ᠂ ᠡᠯ᠎ᠡ ᠵᠦᠢᠯ ᠤᠨ ᠵᠠᠷᠤᠳᠠᠯ ᠰᠦᠢᠳᠬᠡᠯ ᠳᠤ ᠬᠠᠷᠢᠭᠤᠴᠠᠬᠤ ᠴᠢᠳᠠᠯ ᠢᠶᠠᠨ ᠠᠯᠳᠠᠵᠤ᠂ ᠬᠡᠶᠢᠰᠦᠪᠡᠯ ᠲᠡᠭᠷᠢ ᠶᠢᠨ ᠳᠤᠤᠷ᠎ᠠ᠂ ᠬᠡᠰᠦᠪᠡᠯ ᠦᠪᠡᠷ ᠤᠨ ᠲᠤᠷ᠎ᠠ ᠬᠡᠵᠤ ᠢᠲᠡᠭᠡᠯ ᠵᠤᠷᠢᠭ ᠢᠶᠠᠨ ᠨᠢᠬᠡᠨᠲᠡ ᠠᠯᠳᠠᠵᠤ᠂ ᠬᠤᠶᠠᠷ ᠨᠢᠲᠤ ᠪᠠᠨ ᠲᠠᠭ ᠠᠨᠢᠵᠤ᠂ ᠬᠤᠶᠠᠷ ᠴᠢᠬᠢ ᠪᠠᠨ ᠪᠦᠭᠯᠡᠵᠤ᠂ ᠨᠢᠬᠡ ᠠᠶᠢᠮᠠᠭ ᠤᠭᠰᠠᠭ᠎ᠠ ᠪᠦᠬᠦᠨ ᠢᠶᠠᠷ ᠢᠶᠠᠨ ᠭᠡᠭᠡᠷ᠎ᠡ ᠬᠦᠲᠡᠭᠡ ᠬᠠᠶᠠᠭᠳᠠᠬᠤ ᠳᠤ ᠬᠦᠷᠴᠡᠢ᠃ ᠬᠠᠭᠤᠴᠢᠨ ᠨᠡᠶᠢᠭᠡᠮ ᠤᠨ ᠳᠠᠷᠤᠯᠠᠯ᠂ ᠬᠦᠷᠦᠩᠬᠡᠲᠤ ᠨᠡᠶᠢᠭᠡᠮ ᠤᠨ ᠳᠠᠷᠤᠯᠠᠯ᠂ ᠬᠦᠷᠦᠩᠬᠡᠲᠤ ᠶᠤᠰᠤᠨ ᠤ ᠮᠦᠯᠵᠢᠯ ᠢ ᠬᠠᠭᠤᠴᠢᠨ ᠬᠦᠦ ᠬᠡᠷᠬᠢᠨ ᠮᠡᠳᠡᠵᠤ ᠪᠤᠯᠬᠤ ᠪᠤᠢ᠂ ᠦᠩᠬᠡᠨ ᠲᠠᠯ᠎ᠠ ᠶᠢᠨ ᠦᠵᠡᠭᠲᠡᠯ ᠳᠤ ᠬᠠᠭᠤᠷᠲᠠᠵᠤ᠂ ᠦᠰᠦᠨ ᠠᠴᠠ ᠪᠠᠨ ᠤᠯᠠᠨ ᠦᠷᠢ ᠶᠢᠨ ᠡᠵᠡᠨ ᠲᠠᠢ ᠪᠤᠯᠵᠤ ᠶᠠᠪᠤᠨ᠎ᠠ᠃        ᠬᠠᠮᠢᠭ᠎ᠠ ᠲᠠᠷᠤᠯᠠᠯ ᠪᠠᠶᠢᠪᠠᠯ ᠲᠡᠨᠲᠡ ᠡᠰᠡᠷᠭᠦᠴᠡᠯ ᠪᠠᠶᠢᠨ᠎ᠠ᠂ ᠶᠠᠮᠠᠷ ᠴᠦ ᠶᠠᠭᠤᠮ᠎ᠠ ᠲᠣᠶᠢᠯ ᠳᠤ ᠪᠠᠨ ᠲᠤᠯᠪᠠᠯ ᠪᠤᠴᠠᠬᠤ ᠵᠠᠮ ᠪᠤᠢ᠂ ᠬᠠᠭᠤᠴᠢᠨ ᠬᠦᠦ ᠶᠢᠨ ᠨᠢᠬᠡ ᠨᠦᠬᠦᠷ ᠨᠢ ᠬᠤᠪᠢᠰᠬᠠᠯ ᠤᠨ ᠫᠤᠤ ᠲᠠᠯᠪᠢᠭᠰᠠᠨ ᠠᠴᠠ ᠨᠢᠬᠡ ᠠᠶᠢᠮᠠᠭ ᠰᠡᠷᠢᠪᠡ᠂ ᠲᠡᠭᠷᠢ ᠶᠢᠨ ᠬᠠᠶᠠᠭᠠᠨ ᠠᠴᠠ ᠴᠠᠰᠢ ᠭᠠᠵᠠᠷ ᠪᠠᠶᠢᠬᠤ ᠶᠢ ᠮᠡᠳᠡᠵᠤ᠂ ᠬᠢᠵᠠᠭᠠᠷ ᠲᠠᠢ ᠬᠡᠳᠦᠨ ᠬᠦᠷᠦᠩᠬᠡ ᠠᠴᠠ ᠨᠢ ᠬᠢᠵᠠᠭᠠᠷ ᠦᠬᠡᠢ ᠶᠡᠭᠡ ᠦᠷᠲᠡᠭ ᠪᠠᠶᠢᠬᠤ ᠶᠢ ᠮᠡᠳᠡᠪᠡ᠂ ᠵᠠᠬ᠎ᠠ ᠲᠡᠯᠭᠡᠭᠦᠷ ᠢᠶᠠᠨ ᠬᠠᠮᠠᠭᠠᠯᠠᠬᠤ ᠲᠡᠶᠢᠯᠬᠦ ᠦᠬᠡᠢ ᠪᠤᠯ ᠭᠠᠵᠠᠷ ᠰᠢᠷᠤᠢ ᠮᠠᠯ ᠰᠦᠷᠦᠭ ᠪᠠᠶᠢᠲᠤᠭᠠᠢ ᠦᠪᠡᠷ ᠤᠨ ᠡᠷᠬᠡ ᠴᠢᠯᠦᠬᠡ ᠪᠠᠨ ᠬᠠᠮᠠᠭᠠᠯᠠᠵᠤ ᠲᠡᠶᠢᠯᠬᠦ ᠦᠬᠡᠢ ᠭᠡᠳᠡᠭ ᠢ ᠤᠬᠠᠭᠠᠷᠠᠪᠠ᠂ ᠶᠠᠭᠤᠮ᠎ᠠ ᠨᠢ ᠬᠦᠭᠵᠢᠬᠦ ᠲᠤᠳᠤᠮ ᠬᠦᠮᠦᠨ ᠨᠢ ᠶᠠᠳᠠᠭᠤᠷᠠᠵᠤ ᠪᠠᠶᠢᠭ᠎ᠠ᠂ ᠴᠢᠮᠡᠭᠡ ᠰᠤᠷᠠᠭ ᠨᠢ ᠢᠯᠡ ᠪᠤᠯᠬᠤ ᠲᠤᠳᠤᠮ ᠦᠨᠡᠨ ᠬᠤᠳᠠᠯ ᠢ ᠨᠡᠩ ᠢᠯᠭᠠᠵᠤ ᠲᠡᠶᠢᠯᠬᠦ ᠦᠬᠡᠢ ᠪᠤᠯᠵᠤ ᠪᠠᠶᠢᠭ᠎ᠠ ᠶᠢ ᠰᠡᠳᠬᠢᠵᠤ ᠡᠬᠢᠯᠡᠪᠡ᠃ ᠠᠯᠢᠪᠠ ᠶᠢ ᠨᠡᠪᠲᠡ ᠮᠡᠳᠡᠭᠰᠡᠨ ᠰᠢᠭ ᠠᠭᠠᠰᠢᠯᠠᠳᠠᠭ ᠬᠦᠮᠦᠨ ᠭᠡᠳᠡᠭ ᠠᠮᠢᠲᠠᠨ ᠤ ᠬᠢᠷᠢ ᠬᠡᠮ  ᠢ ᠰᠡᠵᠢᠭᠯᠡᠵᠤ ᠡᠬᠢᠯᠡᠪᠡ᠃ ᠦᠯᠦᠰᠭᠦᠯᠡᠩ ᠪᠠᠶᠢᠲᠠᠯ᠎ᠠ ᠪᠠᠨ ᠴᠠᠳᠬᠤᠯᠠᠩ ᠤᠪᠯᠠᠬᠤ᠂ ᠡᠪᠡᠳᠴᠢᠨ ᠲᠠᠢ ᠪᠠᠶᠢᠲᠠᠯ᠎ᠠ  ᠪᠠᠨ ᠡᠷᠡᠭᠦᠯ ᠢᠶᠠᠷ ᠤᠪᠯᠠᠬᠤ᠂ ᠦᠷᠢ ᠲᠠᠢ ᠪᠠᠶᠢᠲᠠᠯ᠎ᠠ ᠪᠠᠨ ᠪᠠᠶᠠᠨ ᠢᠶᠠᠷ ᠤᠪᠯᠠᠬᠤ᠂ ᠦᠬᠡᠨᠴᠡ ᠪᠠᠶᠢᠲᠠᠯ᠎ᠠ ᠪᠠᠨ ᠮᠡᠷᠬᠡᠨ ᠢᠶᠠᠷ ᠤᠪᠯᠠᠬᠤ ᠲᠡᠳᠡᠭᠡᠷ ᠬᠦᠮᠦᠨ ᠢ ᠵᠢᠭ᠍ᠰᠢᠵᠤ ᠡᠬᠢᠯᠡᠪᠡ᠃ ᠨᠢᠴᠦᠭᠦᠨ ᠬᠠᠭᠠᠨ ᠢ ᠬᠠᠷᠠᠭᠠᠳ ᠬᠤᠪᠴᠠᠰᠤ ᠨᠢ ᠭᠤᠶᠤ ᠭᠡᠵᠤ ᠮᠠᠭᠳᠠᠭᠰᠠᠨ ᠲᠤᠮᠤ ᠬᠦᠮᠦᠨ ᠪᠤᠯᠤᠨ᠂ ᠦᠨᠡᠨ ᠲᠦᠷᠢ ᠶᠢ ᠨᠢ ᠰᠢᠭᠤᠳ ᠬᠡᠯᠡᠭᠰᠡᠨ ᠪᠢᠴᠢᠬᠠᠨ ᠬᠡᠦᠬᠡᠨ  ᠤ ᠦᠯᠢᠬᠡᠷ ᠲᠤᠳᠤᠷ᠎ᠠ ᠨᠢ ᠪᠤᠳᠤᠭᠳᠠᠵᠤ ᠢᠷᠡᠪᠡ᠃ ᠲᠡᠭᠷᠢ ᠶᠢᠨ ᠳᠤᠤᠷ᠎ᠠ ᠲᠡᠭᠰᠢ ᠪᠠᠶᠢᠳᠠᠭ ᠶᠤᠰᠤ ᠶᠢ, ᠮᠡᠳᠡᠵᠤ᠂ ᠲᠠᠪᠤᠨ ᠲᠢᠪ᠂ ᠲᠦᠷᠪᠡᠨ ᠲᠠᠯᠠᠢ᠂ ᠲᠡᠦᠬᠡ ᠶᠢᠨ ᠲᠡᠮᠡᠴᠡᠵᠤ ᠢᠷᠡᠭᠰᠡᠨ ᠦᠨᠡᠨ ᠶᠤᠰᠤ ᠶᠢ ᠤᠶᠢᠯᠠᠭᠠᠨ ᠬᠠᠮᠲᠤ ᠶᠠᠪᠤᠬᠤ ᠵᠠᠮ ᠢ ᠨᠡᠬᠡᠭᠡᠪᠡ᠂ ᠬᠦᠬᠡ ᠮᠤᠩᠭᠤᠯ ᠤᠯᠭᠠᠨ ᠮᠤᠩᠭᠤᠯ ᠪᠤᠯᠪᠠ᠂ ᠬᠠᠭᠤᠴᠢᠨ ᠬᠦᠦ ᠰᠢᠨ᠎ᠠ ᠬᠦᠦ ᠪᠤᠯᠪᠠ᠂ ᠶᠠᠭᠤᠲᠠᠢ ᠪᠠᠶᠠᠷ᠂ ᠶᠠᠭᠤᠲᠠᠢ ᠵᠠᠪᠰᠢᠶᠠᠨ︕
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号