ᠮᠤᠩᠭᠤᠯ᠂ ᠲᠦᠪᠡᠳ ᠬᠤᠶᠠᠷ ᠦᠨᠳᠦᠰᠦᠲᠡᠨ ᠤ ᠲᠤᠲᠤᠷ᠎ᠠ ᠡᠷᠲᠡ ᠳᠡᠭᠡᠷ᠎ᠡ ᠦᠶ᠎ᠡ ᠠᠴᠠ ᠤᠯᠠᠮᠵᠢᠯᠠᠭᠳᠠᠵᠤ | ᠢᠷᠡᠭᠰᠡᠨ ᠠᠷᠠᠳ ᠤᠨ ᠠᠮᠠᠨ ᠵᠤᠬᠢᠶᠠᠯ ᠤᠨ ᠪᠠᠭᠠᠲᠤᠷᠯᠢᠭ ᠲᠤᠤᠯᠢ ᠮᠦᠨ᠃ ᠡᠨᠡ ᠪᠣᠯ ᠮᠠᠨ ᠤ ᠤᠯᠤᠰ ᠤᠨ ᠤᠷᠠᠨ | ᠵᠤᠬᠢᠶᠠᠯ ᠤᠨ ᠡᠷᠳᠡᠨᠢᠰ ᠤᠨ ᠰᠠᠩ ᠳᠤ ᠲᠤᠲᠠᠭᠳᠠᠵᠤ ᠪᠣᠯᠣᠰᠢ ᠦᠭᠡᠢ ᠨᠢᠭᠡᠨ ᠴᠢᠬᠤᠯᠠ ᠪᠦᠲᠦᠭᠡᠯ ᠮᠦᠨ᠃ | ᠢᠯᠠᠩᠭᠤᠶ᠎ᠠ ᠮᠤᠩᠭᠤᠯ᠂ ᠲᠦᠪᠡᠳ ᠦᠨᠳᠦᠰᠦᠲᠡᠨ ᠤ ᠤᠷᠠᠨ ᠵᠤᠬᠢᠶᠠᠯ ᠤᠨ ᠲᠡᠦᠬᠡᠨ ᠳᠤ ᠪᠣᠯ ᠲᠤᠰ ᠲᠤᠰ ᠵᠤᠬᠢᠬᠤ | ᠪᠠᠶᠢᠷᠢ ᠪᠠᠨ ᠤᠯᠪᠠᠯ ᠵᠤᠬᠢᠬᠤ ᠰᠢᠯᠢᠳᠡᠭ ᠪᠦᠲᠦᠭᠡᠯ ᠮᠦᠨ᠃ ᠲᠡᠦᠬᠡᠨ ᠲᠡᠮᠳᠡᠭᠯᠡᠯ ᠪᠠ ᠡᠷᠳᠡᠮᠳᠡᠳ ᠤᠨ ᠰᠣᠳᠣᠯᠵᠤ | ᠤᠯᠤᠭᠰᠠᠨ ᠠᠴᠠ ᠦᠵᠡᠪᠡᠯ ︽ᠭᠡᠰᠡᠷ ᠤᠨ ᠲᠤᠭᠤᠵᠢ︾ ᠶᠢ ᠤᠤᠯ ᠨᠢ ᠴᠤᠶᠢᠪᠠᠪ ᠭᠡᠳᠡᠭ ᠨᠡᠷ᠎ᠡ ᠲᠠᠢ ᠰᠢᠯᠦᠭᠴᠢ | ᠪᠢᠴᠢᠵᠡᠢ᠃ ᠭᠡᠪᠡᠴᠦ ᠲᠡᠷᠡ ᠪᠣᠯ ᠣᠳᠣ ᠶᠢᠨ ᠳᠡᠯᠭᠡᠷᠡᠵᠦ ᠪᠠᠶᠢᠭ᠎ᠠ ᠪᠦᠬᠦ ᠭᠡᠰᠡᠷ ᠢ ᠪᠢᠴᠢᠭᠰᠡᠨ ᠪᠢᠰᠢ᠂ ᠵᠦᠪᠬᠡᠨ | ︽ᠭᠡᠰᠡᠷ ᠤᠨ ᠲᠤᠭᠤᠵᠢ︾ ᠶᠢᠨ ᠡᠬᠢᠯᠡᠯᠲᠡ ᠶᠢᠨ ᠪᠦᠯᠦᠭ ᠪᠠ ᠰᠠᠷᠠᠶᠢᠭᠤᠤᠯ ᠤᠨ ᠪᠠᠶᠢᠯᠳᠤᠭᠠᠨ ᠤ ᠪᠦᠯᠦᠭ | ᠬᠤᠶᠠᠷᠬᠠᠨ ᠢ ᠪᠢᠴᠢᠭᠰᠡᠨ ᠲᠦᠯᠦᠪ ᠲᠠᠢ᠃ ᠭᠡᠲᠡᠯ᠎ᠡ ᠣᠳᠣ ᠦᠷᠭᠡᠨ ᠢᠶᠠᠷ ᠳᠡᠯᠭᠡᠷᠡᠵᠦ ᠪᠠᠶᠢᠭ᠎ᠠ ︽ᠭᠡᠰᠡᠷ ᠤᠨ | ᠲᠤᠭᠤᠵᠢ︾ ᠪᠣᠯ ᠡᠨᠡᠭᠡᠨ ᠪᠢᠰᠢ᠃ ᠲᠦᠪᠡᠳ ᠭᠡᠰᠡᠷ ᠢᠶᠠᠷ ᠠᠪᠤᠭᠠᠳ ᠬᠡᠯᠡᠬᠦ ᠳᠤ ︽ᠳᠤᠷᠤᠨᠠᠲᠤ ᠲᠦᠪᠡᠳ ᠤᠨ | ᠭᠡᠰᠡᠷ︾᠂ ︽ᠦᠷᠦᠨᠡᠲᠦ ᠲᠦᠪᠡᠳ ᠤᠨ ᠭᠡᠰᠡᠷ︾᠂ ︽ᠲᠦᠪᠡᠳ ᠪᠢᠴᠢᠮᠡᠯ ᠭᠡᠰᠡᠷ︾ ᠭᠡᠵᠦ ᠤᠯᠠᠨ ᠵᠦᠢᠯ | ᠪᠠᠶᠢᠬᠤ ᠪᠠᠷ ᠪᠠᠷᠠᠬᠤ ᠦᠭᠡᠢ ︽ᠲᠦᠪᠡᠳ ᠪᠢᠴᠢᠮᠡᠯ ᠭᠡᠰᠡᠷ︾ ᠨᠢ ᠴᠦ ︽A ᠭᠡᠰᠡᠷ︾᠂ ︽B ᠭᠡᠰᠡᠷ︾᠂ ︽BO | ᠭᠡᠰᠡᠷ︾ ᠁ ᠭᠡᠬᠦ ᠮᠡᠲᠦ ᠤᠯᠠᠨ ᠵᠦᠢᠯ ᠤᠨ ᠠᠳᠠᠯᠢ ᠪᠣᠰᠣ ︽ᠭᠡᠰᠡᠷ︾ ᠪᠠᠶᠢᠨ᠎ᠠ᠃ ᠢᠯᠠᠩᠭᠤᠶ᠎ᠠ ᠮᠠᠨ ᠤ | ᠮᠤᠩᠭᠤᠯ ︽ᠭᠡᠰᠡᠷ ᠤᠨ ᠲᠤᠭᠤᠵᠢ︾ ᠪᠠᠷ ᠠᠪᠤᠭᠠᠳ ᠬᠡᠯᠡᠪᠡᠯ᠄ ᠪᠡᠭᠡᠵᠢᠩ ᠪᠠᠷ ᠤᠨ ᠭᠡᠰᠡᠷ᠂ ᠵᠠᠶᠠᠭ᠎ᠠ ᠶᠢᠨ | ᠬᠦᠷᠢᠶᠡᠨ ᠤ ᠭᠡᠰᠡᠷ᠂ ᠮᠤᠩᠭᠤᠯ ᠯᠢᠩ ᠭᠡᠰᠡᠷ᠂ ᠪᠦᠷᠢᠶᠡᠳ ᠭᠡᠰᠡᠷ ᠤᠨ ᠲᠤᠭᠤᠵᠢ᠂ ᠤᠶᠢᠷᠠᠳ ᠭᠡᠰᠡᠷ ᠤᠨ | ᠲᠤᠭᠤᠵᠢ ᠭᠡᠬᠦ ᠵᠡᠷᠭᠡ ᠪᠠᠷ ᠤᠯᠠᠨ ᠵᠦᠢᠯ ᠪᠠᠶᠢᠨ᠎ᠠ᠃ ᠡᠶᠢᠨ ᠬᠦ ᠮᠤᠩᠭᠤᠯ ︽ᠭᠡᠰᠡᠷ ᠤᠨ ᠲᠤᠭᠤᠵᠢ︾ ᠠᠭᠤᠯᠭ᠎ᠠ | ᠪᠠᠭᠲᠠᠭᠠᠮᠵᠢ ᠶᠢᠨ ᠲᠠᠯ᠎ᠠ ᠪᠠᠷ ᠴᠤᠶᠢᠪᠠᠪ ᠤᠨ ᠪᠢᠴᠢᠭᠰᠡᠨ ᠲᠡᠷᠡ ᠬᠤᠶᠠᠷ ᠪᠦᠯᠦᠭ ᠲᠠᠢ ᠬᠠᠷᠢᠴᠠᠭᠤᠯᠪᠠᠯ ᠲᠠᠨᠢᠭᠳᠠᠰᠢ | ᠦᠭᠡᠢ ᠶᠠᠭᠤᠮ᠎ᠠ ᠪᠣᠯᠣᠭᠰᠠᠨ ᠢᠶᠠᠷ ᠪᠠᠷᠠᠬᠤ ᠦᠭᠡᠢ᠂ ᠤᠳᠤ ᠲᠦᠪᠡᠳ ᠤᠷᠤᠨ ᠢᠶᠠᠷ ᠦᠷᠭᠡᠨ ᠳᠡᠯᠭᠡᠷᠡᠵᠦ ᠪᠠᠶᠢᠭ᠎ᠠ | ︽ᠭᠡᠰᠡᠷ︾ ᠤᠳ ᠲᠠᠢ ᠨᠢ ᠴᠦ ᠠᠭᠤᠯᠭ᠎ᠠ ᠪᠠ ᠳᠦᠷᠢ ᠶᠢᠨ ᠲᠠᠯ᠎ᠠ ᠪᠠᠷ ᠢᠶᠠᠨ ᠤᠨᠳᠤᠤ ᠤᠨᠳᠤᠤ ᠪᠣᠯᠬᠤ | ᠲᠤᠲᠤᠷᠬᠠᠢ ᠢᠯᠭᠠᠭ᠎ᠠ ᠲᠠᠢ ᠶᠤᠮ᠃ ︽ᠭᠡᠰᠡᠷ ᠤᠨ ᠲᠤᠭᠤᠵᠢ︾ ᠮᠠᠨ ᠤ ᠮᠤᠩᠭᠤᠯ ᠬᠡᠯᠡᠨ ᠳᠤ ᠪᠢᠴᠢᠭ ᠢᠶᠠᠷ ᠡᠶᠢᠨ | ᠬᠦ ᠦᠷᠭᠡᠨ ᠳᠡᠯᠭᠡᠷᠡᠵᠦ ᠪᠠᠶᠢᠬᠤ ᠪᠠᠷ ᠪᠠᠷᠠᠬᠤ ᠦᠭᠡᠢ ᠬᠤᠭᠤᠷ ᠤᠨ ᠦᠯᠢᠭᠡᠷ ᠤᠨ ᠬᠡᠯᠪᠡᠷᠢ᠂ ᠬᠤᠯᠪᠣᠭ᠎ᠠ ᠰᠢᠯᠦᠭ | ᠤᠨ ᠬᠡᠯᠪᠡᠷᠢ ᠲᠠᠢ ᠠᠮᠠᠨ ᠶᠠᠷᠢᠶ᠎ᠠ ᠪᠠᠷ ᠴᠦ ᠲᠤᠩ ᠦᠷᠭᠡᠨ ᠳᠡᠯᠭᠡᠷᠡᠵᠦ ᠪᠠᠶᠢᠭ᠎ᠠ ᠶᠤᠮ᠃ ᠲᠡᠶᠢᠮᠦ ᠠᠴᠠ ᠲᠡᠬᠦᠨ ᠤ | ᠮᠠᠨ ᠤ ᠤᠷᠠᠨ ᠵᠤᠬᠢᠶᠠᠯ ᠤᠨ ᠡᠩᠨᠡᠭᠡ ᠳᠤ ᠦᠵᠡᠬᠦᠯᠵᠦ ᠪᠠᠶᠢᠭ᠎ᠠ ᠨᠦᠯᠦᠭᠡ ᠪᠣᠯ ᠬᠡᠮᠵᠢᠶᠡᠯᠡᠰᠢ ᠦᠭᠡᠢ ᠶᠤᠮ᠃ | ᠲᠡᠭᠦᠨᠴᠢᠯᠡᠨ ᠪᠢᠴᠢᠭᠡᠳ ᠪᠠᠶᠢᠭ᠎ᠠ ᠬᠡᠰᠡᠭ ᠪᠦᠯᠦᠭ ᠨᠢ᠂ ᠮᠠᠨ ᠤ ᠬᠢᠨ ᠤ ᠦᠷᠨᠢᠬᠦᠯᠦᠨ ᠵᠤᠬᠢᠶᠠᠬᠤ ᠦᠨᠢᠷ ᠪᠠᠶᠠᠯᠢᠭ | ᠰᠡᠳᠦᠪ ᠪᠣᠯᠵᠤ ᠪᠠᠶᠢᠭ᠎ᠠ ᠶᠤᠮ᠃ ᠡᠭᠦᠨ ᠳᠤ ᠪᠢᠳᠡ ᠵᠢᠱᠢᠶ᠎ᠡ ᠪᠣᠯᠭᠠᠵᠤ ᠮᠠᠨ ᠤ ᠢᠷᠠᠭᠤ ᠰᠢᠯᠦᠭᠴᠢ ᠨᠠ᠊ | ᠰᠠᠶᠢᠨᠴᠤᠭᠲᠤ ᠭᠤᠸᠠᠢ ᠶᠢᠨ ︽ᠭᠡᠰᠡᠷ ᠤᠨ ᠲᠤᠭᠤᠵᠢ︾ ᠶᠢᠨ ᠨᠢᠬᠡᠨ ᠪᠦᠯᠦᠭ ᠢ ᠠᠪᠴᠤ ᠤᠳᠤ ᠶᠢᠨ ᠮᠤᠩᠭᠤᠯ ᠬᠡᠯᠡᠨ | ᠳᠡᠭᠡᠷ᠎ᠡ ᠣᠷᠴᠢᠭᠤᠯᠤᠨ ᠵᠤᠬᠢᠶᠠᠭᠰᠠᠨ ︽ᠠᠷᠣᠯᠣᠭᠤᠸᠠ︾ ᠶᠢ ᠰᠠᠨᠠᠵᠤ ᠪᠣᠯᠬᠤ ᠶᠤᠮ᠃ |