ᠲᠠᠯ᠎ᠠ ᠶᠢᠨ ᠴᠢᠯᠭᠤ ——— ᠡᠷᠳᠡᠨᠢ
ᠨᠡᠶᠢᠲᠡᠯᠡᠭᠰᠡᠨ ᠴᠠᠭ᠄
2024/6/24
   ᠲᠠᠯ᠎ᠠ ᠳᠤ ᠬᠡᠪᠲᠡᠭᠰᠡᠨ ᠡᠨᠡ ᠴᠢᠯᠠᠭᠤ ᠶᠢ      ᠲᠠ ᠦᠵᠡᠭᠡᠳ ᠪᠠᠭ᠋ᠠᠷᠬᠠᠬᠤ ᠦᠭᠡᠢ ᠤᠤ      ᠲᠡᠭᠦᠵᠤ ᠲᠡᠭᠦᠨ ᠢ ᠦᠮᠴᠢᠯᠡᠭᠳ      ᠰᠤᠨᠢᠷᠬᠠᠵᠤ ᠨᠠᠭᠠᠳᠬᠤ ᠶᠢ ᠬᠦᠰᠡᠬᠦ ᠦᠭᠡᠢ ᠤᠤ            ᠡᠬᠡ ᠪᠠᠶᠢᠭᠠᠯᠢ ᠶᠢᠨ ᠲᠤᠬᠢᠷᠠᠭᠤᠯᠭ᠎ᠠ ᠪᠠᠷ ᠨᠢ      ᠡᠨᠡ ᠭᠠᠵᠠᠷ ᠲᠤᠨᠢ ᠪᠠᠶᠢᠯᠭᠠᠬᠤ ᠤᠤ      ᠶᠢᠷᠲᠢᠨᠴᠤ ᠶᠢᠨ ᠤᠯᠠᠨ ᠳᠤ ᠮᠡᠳᠡᠭᠦᠯᠬᠦ ᠭᠡᠵᠦ      ᠰᠢᠯᠵᠢᠭᠦᠯᠵᠦ ᠠᠪᠤᠭᠠᠳ ᠶᠠᠪᠤᠬᠤ ᠤᠤ            ᠡᠬᠡ ᠪᠠᠶᠢᠭᠠᠯᠢ ᠶᠢᠨ ᠠᠯᠢᠪᠠ ᠪᠦᠬᠦᠨ ᠳᠤ      ᠡᠪᠦᠭᠡ ᠳᠡᠭᠡᠳᠦᠰ ᠮᠢᠨᠢ ᠰᠢᠲᠦᠭᠡᠨ ᠲᠠᠢ ᠪᠢᠰᠢᠤ      ᠴᠢᠯᠠᠭᠤ ᠰᠤᠨᠢᠷᠬᠠᠵᠤ ᠨᠠᠭᠠᠳᠬᠤ ᠨᠢ      ᠴᠠᠭ ᠦᠶ᠎ᠡ ᠶᠢᠨ ᠤᠷᠤᠰᠬᠠᠯ ᠴᠤ ᠪᠢᠰᠢᠤ            ᠠᠭᠤᠯᠠ ᠶᠢᠨ ᠴᠢᠯᠠᠭᠤ ᠶᠢ ᠬᠦᠳᠡᠯᠭᠡᠬᠦ ᠳᠤ      ᠤᠩᠭᠤᠳ ᠰᠠᠬᠢᠭᠤᠰᠤ ᠳᠤ ᠨᠢ ᠰᠦᠵᠢᠭᠯᠡᠳᠡᠭ ᠤᠤ      ᠤᠷᠤᠨ ᠳᠤ ᠪᠠᠨ ᠪᠠᠶᠢᠬᠤ ᠡᠨᠡ ᠡᠷᠳᠡᠨᠢ ᠶᠢ      ᠤᠯᠠᠨ ᠲᠠ ᠮᠢᠨᠢ ᠶᠠᠭᠠᠬᠢᠵᠤ ᠦᠵᠡᠳᠡᠭ ᠪᠢᠯᠡ             ᠲᠠᠶᠢᠯᠪᠤᠷᠢ᠄ ︿ᠰᠡᠭᠦᠳᠡᠷ ᠤᠨ ᠬᠠᠪᠢᠰᠤ  ﹀   ᠳᠠᠬᠢ  ︿ᠲᠠᠯ᠎ᠠ ᠶᠢᠨ ᠴᠢᠯᠭᠤ  —  ᠡᠷᠳᠡᠨᠢ  ﹀   ᠳᠤ  ᠳᠠᠭᠠᠯᠳᠤᠭᠤᠯᠪᠠ  ᠃
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号