ᠰᠠᠷᠠ ᠲᠠᠢ ᠰᠦᠨᠢ
ᠨᠡᠶᠢᠲᠡᠯᠡᠭᠰᠡᠨ ᠴᠠᠭ᠄
2024/6/24
     ᠲᠦᠨᠡᠷ ᠬᠠᠷᠠᠩᠭᠤᠢ ᠰᠦᠨᠢ ᠶᠢᠨ ᠲᠡᠭᠷᠢ ᠳᠤ ᠮᠥᠩᠭᠦᠨ ᠰᠠᠷᠠᠨ ᠳᠡᠭᠡᠷ᠎ᠡ ᠳᠡᠭᠳᠡᠭᠰᠡᠨ ᠨᠢ ᠬᠦᠮᠦᠨ ᠳᠤ ᠶᠠᠮᠠᠷ ᠨᠢᠭᠡᠨ ᠢ ᠰᠡᠳᠭᠢᠭᠦᠯᠦᠮᠡᠷ᠃ ᠡᠨᠡ ᠴᠤ ᠶᠠᠭᠠᠬᠢᠮᠠᠢ᠃ ᠮᠣᠩᠭᠤᠯ ᠠᠢᠯ ᠤᠨ ᠭᠡᠷ ᠤᠨ ᠭᠠᠳᠠᠨ᠎ᠠ ᠪᠦᠲᠦᠨ ᠡᠳᠦᠷ ᠢᠳᠡᠰᠢᠯᠡᠭᠡᠳ ᠢᠷᠠᠭᠯᠠᠨ ᠬᠡᠪᠲᠡᠭᠡ ᠴᠠᠳᠬᠬᠤᠯᠠᠩ ᠬᠤᠨᠢᠳ ᠡᠵᠡᠨ ᠤ ᠬᠢ ᠪᠠᠨ ᠬᠤᠨᠢᠨ ᠬᠤᠲᠠ ᠶᠢ ᠲᠦᠭᠦᠷᠭᠡᠨ᠎ᠡ᠃ ᠮᠥᠩᠭᠦᠨ ᠰᠠᠷᠠᠨ ᠳᠡᠭᠡᠷ᠎ᠡ ᠳᠡᠭᠳᠡᠵᠦ ᠲᠦᠨᠡᠷ ᠬᠠᠷᠠᠩᠭᠤᠢ᠃ ᠬᠥᠮᠦᠨ ᠤ ᠬᠥᠯ ᠨᠠᠮᠵᠢᠵᠤ ᠲᠠᠢᠪᠤᠩ ᠪᠠᠢᠳᠠᠯ ᠳᠤ ᠣᠷᠤᠭᠰᠠᠨ ᠡᠬᠡ ᠲᠡᠯᠡᠬᠡᠢ ᠶᠢ ᠭᠡᠢᠭᠦᠯᠬᠦ ᠳᠤ ᠴᠠᠳᠬᠤᠯᠠᠩ ᠬᠤᠨᠢᠳ ᠡᠵᠡᠨ ᠤ ᠬᠢ ᠪᠠᠨ ᠪᠤᠶᠠᠨ ᠨᠢ ᠪᠣᠯᠵᠤ ᠬᠤᠷᠢᠶᠠᠭᠳᠠᠨ᠎ᠠ᠃ ᠮᠣᠩᠭᠤᠯ ᠠᠮᠢᠳᠤᠷᠠᠯ ᠢᠮᠦ ᠯᠡ ᠰᠠᠢᠬᠠᠨ ᠪᠠᠢᠳᠠᠭ ᠠᠵᠢ᠃ ᠢᠰᠡᠭᠡᠢ ᠲᠤᠭᠤᠷᠭᠠᠲᠠᠨ ᠥᠭᠡᠬᠦᠨ ᠴᠠᠭᠠᠨ ᠢᠰᠡᠭᠡᠢ ᠭᠡᠷ ᠲᠤ ᠪᠠᠨ ᠰᠠᠭᠤᠳᠠᠭ ᠭᠡᠳᠡᠭ᠃ ᠭᠡᠲᠡᠯ᠎ᠡ ᠁ ᠮᠠᠨ ᠤ ᠨᠤᠲᠤᠭ ᠤᠨ ᠬᠢᠨ ᠡᠷᠲᠡᠨ ᠠᠴᠠ ᠪᠠᠨ ᠡᠨᠡ ᠬᠦ ᠮᠣᠩᠭᠤᠯ ᠵᠠᠩᠰᠢᠯ ᠢᠶᠠᠨ ᠬᠠᠶᠠᠵᠤ ᠲᠦᠷᠪᠡᠯᠵᠢᠨ ᠭᠤᠷᠪᠠᠨ ᠲᠠᠰᠤᠯᠭ᠎ᠠ ᠤᠯᠠᠭᠠᠨ ᠸᠠᠭᠠᠷᠤᠨ ᠪᠠᠢᠰᠢᠩ ᠳᠤ ᠶᠡᠭᠡ ᠯᠡ ᠡᠷᠬᠡ ᠰᠦᠷ ᠲᠠᠢ ᠬᠤᠰᠢᠭᠤ ᠸᠠᠩ ᠤᠨ ᠨᠣᠶᠠᠨ ᠮᠡᠲᠦ ᠰᠠᠭᠤᠳᠠᠭ ᠪᠣᠯᠤᠭᠰᠠᠨ ᠨᠢ ᠶᠠᠮᠠᠷ ᠭᠡᠵᠦ ᠶᠠᠷᠢᠬᠤ ᠪᠣᠢ︖ ᠪᠢ ᠶᠠᠭ ᠢᠮᠦᠷᠬᠡᠨ ᠡᠩ ᠤᠨ ᠨᠢᠭᠡᠨ ᠮᠠᠯᠴᠢᠨ ᠤ ᠤᠲᠤᠭᠠᠲᠤ ᠪᠣᠷᠤ ᠭᠡᠷ ᠲᠤ 2007 ᠣᠨ ᠳᠤ ᠮᠠᠨᠴᠤᠢ ᠳᠤ ᠪᠠᠨ ᠢᠷᠡᠵᠦ ᠮᠠᠯᠴᠢᠨ ᠴᠢᠯᠠᠭᠤ ᠰᠤᠮᠢᠶᠠᠭᠡᠷᠡᠯ ᠤᠨ ᠦᠷ᠎ᠡ ᠶᠢᠨ ᠭᠠᠭᠴᠠ ᠦᠬᠢᠨ ᠨᠢ ᠪᠣᠯᠵᠤ ᠵᠠᠶᠠᠭᠠᠭᠠᠳ ᠬᠠᠷᠠᠴᠤ ᠶᠢᠨ ᠭᠡᠷ ᠲᠤ ᠪᠠᠶᠠᠷ ᠤᠨ ᠴᠢᠮᠡᠭᠡ ᠭᠦᠷᠭᠡᠵᠦ ᠢᠷᠡᠵᠦ ᠪᠢᠯᠡ᠃ ᠮᠠᠨᠴᠤᠢ ᠳᠤ ᠪᠠᠨ ᠢᠷᠡᠵᠦ ᠡᠵᠢ ᠪᠠᠨ ᠪᠢ ᠭᠠᠭᠴᠠᠬᠠᠨ ᠤᠳᠠᠭ᠎ᠠ ᠵᠢᠷᠭᠠᠭᠠᠭᠰᠠᠨ᠂ ᠮᠠᠭᠠᠳ ᠦᠭᠡᠢ ᠲᠡᠭᠦᠨ ᠠᠴᠠ ᠬᠤᠢᠰᠢ ᠡᠵᠢ ᠪᠠᠨ ᠪᠢ ᠳᠡᠩᠳᠡ ᠪᠠᠨ ᠵᠣᠪᠠᠭᠠᠭᠰᠠᠨ᠃ ᠤᠯᠠᠠᠭᠠᠨ ᠨᠢᠯᠬ᠎ᠠ ᠠᠴᠠ ᠪᠠᠨ ᠲᠣᠰᠤᠨ ᠳᠡᠭᠡᠷ᠎ᠡ ᠲᠣᠭᠯᠠᠵᠤ᠂ ᠲᠣᠷᠭᠠᠨ ᠳᠤ ᠪᠠᠭᠯᠠᠭᠳᠠᠵᠤ ᠥᠰᠦᠭᠡᠳ ᠲᠠᠪᠤᠨ ᠨᠠᠰᠤᠲᠠᠢ ᠲᠡᠷᠡ ᠵᠢᠯ ᠳᠤ ᠪᠠᠨ ᠪᠢ ᠠᠩᠬ᠎ᠠ ᠬᠡᠦᠬᠡᠳ ᠤᠨ ᠴᠡᠴᠡᠷᠯᠢᠭ ᠤᠨ ᠠᠯᠲᠠᠨ ᠪᠣᠱᠤᠭ᠎ᠠ ᠶᠢ ᠠᠯᠬᠤᠨ ᠤᠷᠤᠭᠰᠠᠨ ᠨᠢ ᠰᠤᠷᠭᠠᠭᠤᠯᠢ ᠰᠣᠶᠤᠯ ᠤᠨ ᠮᠦᠷ ᠬᠥᠭᠡᠭᠡᠵᠦ ᠬᠤᠨ ᠭᠠᠯᠠᠭᠤᠨ ᠤ ᠨᠢᠰᠦᠭᠡᠳ ᠬᠦᠷᠬᠦ ᠦᠭᠡᠢ ᠭᠠᠵᠠᠷ ᠠᠴᠠ ᠡᠷᠳᠡᠨᠢ ᠡᠪᠦᠷᠯᠡᠬᠦ ᠠᠵᠠ ᠲᠠᠢ ᠪᠣᠯᠤᠭᠰᠠᠨ ᠢᠶᠠᠨ ᠮᠡᠳᠡᠯ ᠦᠭᠡᠢ ᠶᠠᠪᠤᠭᠰᠠᠨ᠃ ᠲᠡᠭᠡᠭᠡᠳ ᠭᠠᠷᠠᠭ ᠲᠠᠷᠬᠠᠬᠤ ᠪᠦᠷᠢ ᠳᠤ ᠪᠠᠨ ᠭᠡᠷ ᠲᠤ ᠪᠠᠨ ᠬᠠᠷᠢᠳᠠᠭ ᠪᠠᠢᠭᠰᠠᠨ᠃ ᠮᠠᠯᠴᠢᠨ ᠬᠦᠮᠦᠨ ᠳᠤ ᠭᠠᠷᠠᠭ ᠤᠨ ᠠᠮᠠᠷᠠᠯᠲᠠ ᠭᠡᠵᠦ ᠪᠠᠢᠳᠠᠭ ᠦᠭᠡᠢ᠃ ᠠᠵᠢᠯ ᠨᠢ ᠴᠤ ᠤᠨᠳᠤᠷᠤᠭᠠᠳ ᠯᠡ ᠪᠠᠶᠢᠳᠠᠭ᠃ ᠮᠠᠨ ᠤ ᠬᠢ ᠭᠡᠷ ᠲᠤ ᠶᠠᠭᠠᠷᠠᠤ ᠭᠡᠳ ᠵᠠᠷᠢᠮ ᠭᠠᠷᠠᠭ ᠲᠤ ᠪᠠᠨ ᠬᠠᠷᠢᠳᠠᠭ ᠦᠭᠡᠢ᠃ ᠨᠠᠳᠠ ᠶᠢ ᠬᠠᠷᠠᠭᠠᠯᠵᠠᠳᠠᠭ ᠠᠢᠯ ᠤᠨ ᠠᠨᠢᠶ᠎ᠠ ᠶᠢᠨ ᠳᠤ ᠰᠠᠭᠤᠳᠠᠭ᠃ ᠪᠢ ᠬᠠᠷ᠎ᠠ ᠪᠠᠭ᠎ᠠ ᠠᠴᠠ ᠪᠠᠨ ᠪᠠᠯᠭᠠᠰᠤᠨ ᠤ ᠰᠤᠷᠭᠠᠭᠤᠯᠢ ᠳᠤ ᠰᠠᠭᠤᠵᠠᠢ᠃ ᠪᠠᠯᠭᠠᠰᠤ ᠮᠠᠨ ᠤ ᠲᠣᠰᠬᠤᠨ ᠠᠴᠠ ᠵᠠᠭᠤ ᠢᠯᠡᠭᠦᠦ ᠺᠢᠯᠣᠮᠧᠳ᠋ᠷ ᠵᠶᠢᠲᠠᠢ᠃ ᠪᠢ ᠲᠠᠪᠤᠨ ᠨᠠᠰᠤᠲᠠᠢ ᠴᠡᠴᠡᠷᠯᠢᠭ ᠲᠤ ᠬᠦᠷᠭᠡᠭᠳᠡᠵᠡᠢ᠃ ᠨᠠᠳᠠ ᠲᠠᠢ ᠬᠠᠮᠲᠤ ᠬᠠᠮᠤᠭ ᠠᠩᠬ᠎ᠠ ᠴᠡᠴᠡᠷᠯᠢᠭ ᠤᠨ ᠡᠭᠦᠳᠡ ᠶᠢ ᠠᠯᠬᠤᠭᠰᠠᠨ ᠬᠦᠮᠦᠨ ᠨᠢ ᠡᠵᠢ ᠮᠢᠨᠢ ᠪᠠᠢᠭᠰᠠᠨ ᠪᠣᠯ ᠲᠡᠭᠦᠨ ᠠᠴᠠ ᠰᠡᠭᠦᠯᠡᠷ ᠨᠠᠳᠠ ᠲᠠᠢ ᠬᠠᠮᠲᠤ ᠴᠡᠴᠡᠷᠯᠢᠭ ᠤᠨ ᠡᠭᠦᠳᠡ ᠶᠢ ᠠᠯᠬᠤᠳᠠᠭ ᠬᠦᠮᠦᠨ ᠨᠢ ᠠᠢᠯ ᠤᠨ ᠠᠨᠢᠶ᠎ᠠ ᠪᠠᠢᠭᠰᠠᠨ ᠨᠢ ᠣᠳᠤ ᠡᠷᠭᠢᠴᠡᠭᠦᠯᠬᠦ ᠳᠤ ᠲᠡᠷᠡ ᠨᠢ ᠴᠤ ᠠᠷᠭ᠎ᠠ ᠦᠭᠡᠢ ᠪᠠᠢᠭᠰᠠᠨ ᠪᠠᠢᠵᠠᠢ᠃      ᠲᠡᠷᠡ ᠤᠳᠠᠭ᠎ᠠ ᠪᠢ ᠭᠡᠷ ᠲᠤ ᠪᠠᠨ ᠬᠠᠷᠢᠭᠰᠠᠨ ᠰᠥᠨᠢ ᠰᠠᠨ᠃᠃ ᠠᠩᠬ᠎ᠠ ᠴᠡᠴᠡᠷᠯᠢᠭ ᠲᠤ ᠣᠷᠤᠭᠠᠳ ᠠᠷᠪᠠᠭᠠᠳ ᠡᠳᠦᠷ ᠤᠨ ᠳᠠᠷᠠᠭ᠎ᠠ᠃ ᠬᠤᠶᠠᠳᠡᠬᠢ ᠤᠳᠠᠭᠠᠨ ᠤ ᠰᠤᠷᠭᠠᠭᠤᠯᠢ ᠶᠢᠨ ᠪᠠᠭ᠎ᠠ ᠲᠠᠷᠬᠠᠯᠲᠠ ᠳᠡᠭᠡᠷ᠎ᠡ᠃ ᠪᠢ ᠭᠡᠷ ᠲᠤ ᠪᠠᠨ ᠬᠠᠷᠢᠬᠤ ᠳᠤ ᠡᠵᠢ ᠡᠮᠲᠡᠷᠡᠵᠦ ᠬᠤᠯᠲᠠᠷᠠᠭᠰᠠᠨ ᠨᠣᠮ ᠬᠠᠳᠠᠭᠠᠯᠠᠳᠠᠭ ᠪᠣᠷᠤ ᠬᠠᠢᠷᠴᠠᠭ ᠠᠴᠠ ᠪᠠᠨ ᠨᠢᠭᠡ ᠳᠡᠪᠲᠡᠷ ᠬᠠᠰᠢ ᠶᠢᠨ ᠪᠣᠷᠤ ᠥᠩᠭᠡ ᠲᠠᠢ ︽ᠬᠡᠦᠬᠡᠳ ᠤᠨ ᠰᠣᠳᠤᠨ ᠦᠯᠢᠭᠡᠷ︾ ᠬᠡᠮᠡᠬᠦ ᠨᠣᠮ ᠢ ᠭᠠᠷᠭᠠᠵᠤ ᠢᠷᠡᠭᠰᠡᠨ ᠪᠢᠯᠡ᠃ ᠪᠢ ᠲᠡᠷᠡ ᠦᠶ᠎ᠡ ᠨᠣᠮ ᠭᠡᠭᠴᠢ ᠶᠠᠭᠤ ᠶᠢ ᠮᠡᠳᠡᠬᠦ ᠴᠤ ᠨᠢᠭᠡ ᠦᠰᠦᠭ ᠲᠠᠨᠢᠬᠤ ᠦᠭᠡᠢ ︽ᠰᠣᠬᠤᠷ︾ ᠬᠦᠮᠦᠨ ᠪᠠᠢᠭᠰᠠᠨ᠃ ᠪᠢ ᠡᠵᠢ ᠠᠴᠠ ᠪᠡ ︽ᠡᠨᠡ ᠶᠠᠭᠤᠨ ᠤ ᠳᠡᠪᠲᠡᠷ ᠪᠣᠢ︖︾ ᠭᠡᠵᠦ ᠬᠡᠦᠬᠡᠳ ᠤᠨ ᠴᠣᠪᠤᠭᠤᠯᠢᠭ ᠳᠠᠭᠤᠨ ᠢᠶᠠᠷ ᠬᠠᠴᠢᠷᠬᠠᠨ ᠠᠰᠠᠭᠤᠯ᠎ᠠ᠃ ᠡᠵᠢ ︽ᠦᠯᠢᠭᠡᠷ ᠤᠨ ᠳᠡᠪᠲᠡᠷ᠂ ᠴᠢᠮ᠎ᠠ ᠶᠢ ᠴᠡᠴᠡᠷᠯᠢᠭ ᠤᠨ ᠡᠭᠦᠳᠡ ᠶᠢ ᠠᠯᠬᠤᠭᠰᠠᠨ ᠤ ᠴᠢᠨᠢ ᠬᠠᠮᠤᠭ ᠠᠩᠬᠠᠨ ᠤ ᠪᠡᠯᠡᠭ︾ ᠭᠡᠯ᠎ᠡ᠃ ︽ᠲᠠ ᠨᠠᠳᠠ ᠳᠤ ᠦᠯᠢᠭᠡᠷ ᠢ ᠨᠢ ᠶᠠᠷᠢᠵᠤ ᠥᠭᠴᠦ ᠪᠣᠯᠬᠤ ᠦᠦ︖︾ ᠭᠡᠬᠦ ᠳᠤ ᠡᠵᠢ ︽ᠲᠡᠭᠡᠶ᠎ᠡ᠃ ᠡᠯᠳᠡᠪ ᠵᠦᠢᠯ ᠢᠵᠢᠢ ᠨᠢ ᠨᠠᠭᠠᠳᠤᠬᠢ ᠠᠵᠢᠯ ᠢᠶᠠᠨ ᠳᠠᠭᠤᠰᠬᠠᠴᠢᠬᠠᠭᠠᠳ ᠦᠬᠢᠨ ᠳᠤ ᠪᠠᠨ ᠶᠠᠷᠢᠵᠤ ᠥᠭᠭᠦᠨ᠎ᠡ︾ ᠭᠡᠯ᠎ᠡ᠃      ᠢᠵᠢᠢ ᠮᠢᠨᠢ ᠤᠳᠠᠵᠤ ᠲᠦᠳᠡᠯ ᠦᠭᠡᠢ ᠪᠠᠷ ᠭᠠᠷ ᠲᠠᠬᠢ ᠠᠵᠢᠯ ᠢᠶᠠᠨ ᠳᠠᠭᠤᠰᠬᠠᠯ᠎ᠠ᠃ ᠨᠠᠳᠠ ᠳᠤ ᠦᠰᠦᠭ ᠭᠡᠭᠡᠯ ᠦᠭᠡᠢ ᠤᠩᠰᠢᠵᠤ ᠥᠭᠭᠦᠯ᠎ᠡ᠃ ᠭᠠᠳᠠᠨ᠎ᠠ ᠲᠡᠷᠭᠡᠯ ᠰᠠᠷᠠᠨ ᠣᠭᠲᠠᠷᠭᠤᠢ ᠳᠡᠭᠡᠷ᠎ᠡ ᠲᠠᠢᠪᠤᠩ ᠳᠡᠭᠳᠡᠨ᠎ᠡ᠃ ᠭᠤᠷᠪᠠᠨ ᠲᠠᠰᠤᠯᠭ᠎ᠠ ᠤᠯᠠᠭᠠᠨ ᠸᠠᠭᠠᠷᠤᠨ ᠪᠠᠢᠰᠢᠩ ᠳᠤ ᠦᠯᠢᠭᠡᠷ ᠶᠠᠷᠢᠬᠤ ᠳᠠᠭᠤᠨ ᠦᠷᠭᠦᠯᠵᠢᠯᠡᠨ᠎ᠡ᠃      ᠢᠵᠢᠢ ᠮᠢᠨᠢ ᠶᠡᠷᠦ ᠠᠴᠠ ᠪᠠᠨ ᠠᠵᠢᠯ ᠳᠤ ᠰᠠᠢᠨ᠃ ᠬᠥᠯ ᠬᠥᠩᠭᠡᠨ᠃ ᠭᠡᠲᠡᠯ᠎ᠡ ᠲᠡᠷᠡ ᠡᠳᠦᠷ ᠢᠵᠢᠢ ᠮᠢᠨᠢ ᠶᠡᠷᠦ ᠪᠣᠰᠤ ᠶᠢᠨ ᠪᠠᠶᠠᠷᠲᠠᠢ᠃ ᠶᠠᠭᠤᠨ ᠳᠤ ᠨᠢ ᠪᠦᠦ ᠮᠡᠳᠡ᠃ ᠠᠵᠢᠯ ᠳᠤ ᠪᠠᠨ ᠨᠢᠭᠡ ᠯᠡ ᠡᠩ ᠤᠨ ᠪᠢᠰᠢ ᠰᠠᠢᠨ ᠪᠠᠢᠯ᠎ᠠ᠃ ᠪᠣᠳᠤᠬᠤ ᠳᠤ ᠠᠵᠢᠯ ᠢᠶᠠᠨ ᠬᠤᠷᠳᠤᠬᠠᠨ ᠥᠨᠳᠦᠷᠯᠡᠭᠦᠯᠴᠢᠬᠡᠭᠡᠳ ᠦᠷ᠎ᠡ ᠨᠠᠳᠠ ᠳᠤ ᠪᠠᠨ ᠰᠤᠶᠤᠯ ᠤᠨ ᠨᠢᠯᠬ᠎ᠠ ᠰᠣᠶᠤᠭ᠎ᠠ ᠶᠢ ᠤᠷᠭᠤᠭᠤᠯᠬᠤ ᠭᠡᠰᠡᠨ ᠬᠦᠰᠡᠯ ᠲᠠᠢ ᠪᠠᠢᠯ ᠦᠭᠡᠢ᠃      ᠲᠡᠷᠡ ᠰᠥᠨᠢ ᠶᠢ ᠪᠣᠳᠤᠬᠤ ᠪᠦᠷᠢ ᠥᠪᠡᠷ ᠤᠨ ᠡᠷᠬᠡ ᠦᠭᠡᠢ ᠨᠣᠮ ᠤᠷᠤᠭᠤ ᠲᠡᠮᠡᠦᠯᠡᠨ᠎ᠡ᠃ ᠣᠳᠣ ᠪᠣᠯᠲᠠᠯ᠎ᠠ ᠨᠠᠮ᠎ᠠ ᠶᠢ ᠨᠣᠮ ᠤᠨ ᠠᠮᠲᠠᠨ ᠳᠤ ᠰᠠᠭᠠᠲᠠᠭᠠᠳᠠᠭ ᠤᠨ ᠤᠴᠢᠷ ᠨᠢ ᠯᠠᠪ ᠲᠡᠷᠡ ᠰᠥᠨᠢ ᠶᠢᠨ ᠤᠴᠢᠷ ᠠᠴᠠ ᠪᠠᠢᠬ᠎ᠠ ᠳ᠋ᠠ᠃    
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号