ᠤᠯᠠᠭᠠᠨ ᠵᠡᠭᠦᠳᠦ
ᠨᠡᠶᠢᠲᠡᠯᠡᠭᠰᠡᠨ ᠴᠠᠭ᠄
2024/6/24
      ᠳ᠋᠊᠂ ᠫᠥᠷᠪᠤᠳᠦᠷᠵᠢ ᠶᠢᠨ ︽ᠤᠯᠠᠭᠠᠨ ᠵᠡᠭᠦᠳᠦ︾ ᠭᠡᠬᠦ ᠨᠣᠮ ︽ᠣᠯᠠᠭᠠᠨ ᠵᠡᠭᠦᠳᠦ︾ ︽ᠲᠠᠷᠴᠢᠯᠠᠭᠰᠠᠨ ᠵᠡᠭᠦᠳᠦ︾ ︽ᠨᠠᠷᠠᠨ ᠤ ᠵᠢᠪᠠᠷ︾ ᠭᠡᠬᠦ ᠭᠤᠷᠪᠠᠨ ᠵᠣᠬᠢᠶᠠᠯ ᠢᠶᠠᠷ ᠪᠦᠷᠢᠯᠳᠦᠵᠡᠢ᠃             ︽ᠤᠯᠠᠭᠠᠨ ᠵᠡᠭᠦᠳᠦ︾  ᠭᠡᠬᠦ ᠨᠣᠮ ᠢ ᠤᠩᠰᠢᠬᠤ ᠪᠠᠷ ᠠᠮᠢᠳᠤᠷᠠᠯ ᠦᠨᠡᠨ ᠳᠤ ᠪᠠᠨ ᠨᠢᠭᠡᠨ ᠠᠩᠬᠢ ᠵᠡᠬᠦᠲᠦ ᠪᠠᠶᠢᠵᠠᠢ ᠭᠡᠵᠦ ᠪᠤᠳᠤᠮᠠᠷ᠃ ᠶᠢᠷᠳᠢᠨᠴᠣ ᠶᠢᠨ ᠤᠯᠠᠭᠠᠨ ᠲᠣᠭᠤᠰᠣ ᠶᠢ ᠬᠦᠳᠡᠯᠭᠡᠵᠦ ᠠᠮᠢᠳᠤ ᠶᠠᠪᠤᠭ᠎ᠠ ᠨᠠᠰᠣᠨ ᠳᠤ  ᠪᠠᠨ ᠦᠨᠥ ᠮᠠᠷᠭᠠᠰᠢ ᠶᠠᠭᠤ ᠪᠣᠯᠵᠤ ᠶᠠᠮᠠᠷ ᠤᠴᠢᠷ ᠦᠢᠯᠡ ᠲᠣᠬᠢᠶᠠᠯᠳᠤᠬᠤ᠂ ᠶᠠᠭᠠᠬᠢᠵᠣ ᠲᠤᠭᠤᠯᠵᠤ ᠥᠩᠭᠡᠷᠡᠭᠦᠯᠳᠡᠭ ᠭᠡᠳᠡᠭ ᠢᠶᠠᠨ ᠬᠡᠨ ᠴᠤ ᠣᠷᠢᠳᠴᠢᠯᠡᠨ ᠰᠣᠪᠢᠵᠣ ᠮᠡᠳᠡᠳᠡᠭ ᠦᠭᠡᠢ ᠪᠠᠶᠢᠵᠠᠢ᠃ ᠲᠡᠭᠡᠳᠡᠭ ᠪᠠᠶᠢᠳᠠᠯ᠎ᠠ  ᠪᠠᠨ ᠬᠡᠨ ᠨᠢᠭᠡ ᠪᠠᠨ ᠬᠠᠷᠠᠳᠠᠨ ᠰᠠᠨᠠᠵᠤ᠂ ᠬᠡᠨ ᠨᠢᠭᠡᠨ  ᠢ ᠪᠠᠨ ᠠᠷᠢᠶᠠᠳᠠᠨ ᠮᠡᠲᠦ ᠬᠠᠶᠢᠷ ᠨᠠᠶᠢᠷ ᠦᠭᠡᠢ ᠲᠠᠭᠠᠷᠢᠵᠣ ᠭᠠᠷᠳᠠᠭ ᠨᠢ ᠶᠠᠭᠤᠨ ᠳᠤ ᠪᠠᠨ ᠪᠢᠯᠡ ᠭᠡᠵᠦ ᠬᠠᠷᠠᠰᠠᠮᠠᠷ᠃             ᠪᠦᠳᠦᠴᠢᠨ ᠪᠦᠳᠦᠴᠢᠨ ᠪᠠᠶᠢᠵᠦ ᠤᠬᠠᠭ᠎ᠠ ᠰᠠᠭᠤᠵᠤ᠂ ᠦᠬᠦᠵᠦ ᠤᠨᠠᠨ ᠪᠠᠶᠢᠵᠤ ᠰᠡᠷᠡᠯ ᠮᠡᠳᠡᠯ ᠲᠠᠢ ᠪᠣᠯᠳᠠᠭ ᠨᠢ ᠬᠦᠮᠦᠨ ᠤ ᠶᠣᠰᠤᠨ ᠪᠢᠯᠢᠤ᠃               ᠤᠯᠠᠩᠬᠢ ᠨᠢ ᠤᠷᠢᠲᠦ ᠨᠠᠰᠣᠨ ᠤ ᠦᠢᠯᠡ ᠶᠢᠨ ᠦᠷ᠎ᠡ ᠪᠠᠨ ᠡᠨᠡ ᠨᠠᠰᠣᠨ ᠳᠤ ᠪᠠᠨ ᠬᠠᠷᠢᠭᠤᠯᠬᠤ ᠭᠡᠵᠦ ᠲᠠᠷᠴᠢᠯᠡᠵᠦ ᠲᠡᠨᠤᠵᠦ ᠭᠠᠰᠠᠯᠵᠣ ᠶᠠᠪᠤᠳᠠᠭ ᠪᠢᠯᠢᠤ᠂ ᠡᠰᠡᠭᠦᠯ᠎ᠡ ᠁  ᠬᠦᠮᠦᠨ ᠵᠠᠷᠢᠮ ᠳᠤ ᠪᠠᠨ ᠬᠡᠨ ᠨᠢᠭᠡ  ᠶᠢ  ᠪᠠᠨ ᠬᠠᠷᠠᠳᠠᠨ ᠰᠠᠨᠠᠳᠠᠭ ᠪᠦᠭᠡᠳ ᠲᠡᠬᠦᠨ ᠢ ᠪᠠᠨ ᠣᠷᠤᠯᠳᠤᠵᠣ ᠦᠪᠡᠷ ᠪᠡᠶ᠎ᠡ ᠪᠠᠨ ᠲᠠᠮᠤᠯᠠᠭᠰᠠᠭᠠᠷ ᠪᠠᠶᠢᠵᠦ ᠰᠠᠨᠠᠭ᠎ᠠ  ᠲᠠᠢ ᠰᠠᠨᠠᠭ᠎ᠠ ᠦᠭᠡᠢ ᠤᠯᠠᠨ  ᠨᠢᠭᠦᠯ ᠪᠣᠶᠠᠨ ᠦᠢᠯᠡᠳᠴᠤ ᠶᠠᠪᠤᠳᠠᠭ ᠶᠤᠮ ᠪᠠᠶᠢᠭ᠎ᠠ᠃ ᠬᠡᠵᠢᠶ᠎ᠡ ᠬᠤᠶᠢᠨ᠎ᠠ ᠨᠢ ᠬᠦᠮᠦᠨ ᠤ ᠬᠤᠷᠸ᠎ᠠ ᠠᠴᠠ ᠠᠩᠬᠢᠵᠢᠷᠠᠬᠤ ᠠᠭᠰᠠᠨ ᠳᠤ ᠬᠦᠮᠦᠨ ᠲᠦᠷᠦᠯᠬᠢᠳᠡᠨ ᠤ ᠮᠣᠩᠬᠠᠷᠠᠯ᠂ ᠲᠠᠴᠢᠶᠠᠯ᠂ ᠬᠤᠮᠤᠬᠠᠶᠢᠷᠠᠯ᠂ ᠪᠣᠷᠤᠩᠬᠠᠢ ᠦᠢᠯᠡ ᠤᠳ ᠢᠶᠠᠨ ᠡᠷᠬᠢᠴᠡᠭᠦᠯᠦᠨ ᠰᠠᠨᠠᠬᠤ ᠠᠴᠠ ᠰᠣᠴᠢᠨ ᠭᠠᠶᠢᠬᠠᠳᠠᠭ ᠶᠤᠮ ᠪᠠᠶᠢᠨ᠎ᠠ᠃ ᠠᠷᠭ᠎ᠠ ᠪᠢᠯᠢᠭ ᠤᠨ ᠤᠬᠠᠭᠠᠨ᠂ ᠠᠮᠠᠷᠠᠭ ᠰᠡᠳᠬᠢᠯ ᠤᠨ ᠬᠦᠯᠴᠦᠭᠦᠷᠡᠯ᠂ ᠭᠤᠨᠢᠭᠲᠤ ᠲᠠᠶᠢᠳᠬᠤᠷᠠᠯ᠂ ᠠᠳᠬᠠᠭ ᠰᠡᠳᠬᠢᠯ ᠤᠨ ᠲᠠᠷᠠᠰᠤᠨ᠂ ᠁            ᠲᠤᠷᠠᠯᠠᠯ ᠳᠤ ᠬᠦᠮᠦᠨ ᠰᠣᠬᠤᠷᠠᠵᠣ᠂ ᠴᠢᠬᠢ ᠲᠦᠯᠡᠶᠢᠷᠡᠳᠡᠭ ᠴᠤ ᠬᠠᠶᠢᠷ᠎ᠠ ᠳᠤ ᠬᠠᠷᠠᠭ᠎ᠠ ᠤᠷᠣᠳᠠᠭ ᠨᠢ ᠦᠨᠡᠨ ᠪᠠᠶᠢᠵᠠᠢ‌‍ᠭᠡᠵᠦ ᠲᠤᠰ ᠨᠣᠮ ᠤᠴᠢᠷᠯᠠᠵᠤ ᠪᠠᠶᠢᠮᠠᠷ᠃   ᠶᠠᠭᠤᠮ᠎ᠠ ᠪᠦᠬᠦᠨ ᠤᠴᠢᠷ ᠲᠠᠢ ᠪᠠᠶᠢᠳᠠᠭ ᠪᠠᠶᠢᠨ᠎ᠠ᠃ ᠠᠮᠢᠳᠤᠷᠠᠯ ᠤᠨ ᠬᠠᠷ᠎ᠠ ᠪᠠᠷᠠᠭᠠᠨ ᠵᠡᠭᠦᠳᠦ ᠠᠴᠠ ᠁             ᠦᠨᠡᠨᠳᠡᠭᠡᠨ ᠠᠮᠢᠳᠤᠷᠠᠯ ᠭᠡᠵᠦ ᠵᠡᠭᠦᠳᠦ ᠶᠣᠮᠰᠠᠨ᠂ ᠬᠦᠮᠦᠨ ᠨᠤᠶᠢᠷ ᠲᠤ ᠪᠠᠨ ᠲᠡᠳᠦᠢ ᠦᠭᠡᠢ ᠰᠡᠷᠡᠬᠦᠨ ᠢᠶᠠᠷ ᠢᠶᠠᠨ ᠭᠡᠰᠡᠨ ᠵᠡᠭᠦᠳᠦ ᠮᠠᠨᠠᠵᠤ ᠶᠠᠪᠤᠳᠠᠭ ᠪᠠᠶᠢᠵᠠᠢ᠃             ᠲᠤᠰ ᠨᠣᠮ ᠢ ᠤᠩᠰᠢᠭᠠᠳ ᠲᠠᠭᠤᠰᠬᠤ ᠳᠤ ᠮᠠᠰᠢ ᠤᠯᠠᠨ ᠶᠠᠭᠤᠮ᠎ᠠ ᠮᠡᠳᠡᠭᠰᠡᠨ ᠰᠣᠷᠣᠭᠰᠠᠨ ᠰᠡᠷᠡᠵᠦ ᠣᠯᠤᠭᠰᠠᠨ ᠰᠢᠤᠬᠠᠨ ᠰᠠᠨᠠᠭᠳᠠᠭᠰᠠᠨ ᠴᠤ ᠪᠢᠴᠢᠵᠦ ᠦᠨᠡᠯᠡᠮᠡᠷ ᠴᠢᠳᠡᠪᠤᠷᠢ ᠬᠤᠮᠰᠠᠳᠠᠭᠠᠳ  ᠨᠢᠭᠡᠨ  ᠵᠡᠷᠬᠡ ᠨᠠᠮ ᠰᠠᠭᠤᠭᠰᠠᠨ ᠢᠶᠠᠨ ᠪᠤᠳᠣᠯ ᠳᠤ ᠢᠪᠡᠨ ᠣᠷᠤᠭᠰᠠᠨ ᠢᠶᠠᠨ ᠬᠡᠰᠡᠭ  ᠪᠣᠰᠠᠭ  ᠲᠡᠮᠳᠡᠭᠯᠡᠵᠦ  ᠲᠠᠯᠪᠢᠭᠰᠠᠨ  ᠲᠡᠳᠦᠢ  ᠪᠦᠯᠦᠭᠡ᠃  
 
ᠢᠷᠡᠯᠲᠡ᠄ ᠲᠤᠭᠤᠷᠢᠭ ᠤᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号