50᠂ ︽ᠪᠢᠴᠢᠬᠠᠨ ᠬᠤᠩ ᠲᠠᠶᠢᠵᠢ︾ — ᠠᠨ᠋ᠲ᠋ᠤᠨᠢᠤ᠋ ᠳ᠋ᠧ ᠰᠧᠨ᠋ᠲ ᠡᠺᠶᠤᠫᠷᠢ ᠲᠤᠰ ᠨᠤᠮ ᠳᠤ | ᠤᠰᠺᠠᠷ ᠤᠸᠠᠶᠢᠯᠢᠳ᠋ ᠶᠢᠨ ᠪᠢᠴᠢᠭᠰᠡᠨ ᠵᠢᠷᠭᠤᠭᠠᠨ ᠵᠤᠬᠢᠶᠠᠯ ᠪᠠᠭᠳᠠᠯᠵᠠᠨᠠ᠃ | ︽ᠵᠠᠯᠠᠭᠤ ᠬᠠᠭᠠᠨ︾ ᠬᠠᠭᠠᠨ ᠤ ᠡᠷᠬᠢᠮᠰᠥᠭ ᠠᠮᠢᠳᠤᠷᠠᠯ ᠬᠢᠭᠡᠳ ᠬᠠᠷᠠᠴᠤ ᠪᠤᠭᠤᠯᠴᠤᠳ ᠤᠨ | ᠬᠠᠷᠠᠰᠠᠯᠳᠠᠢ ᠠᠮᠢᠳᠤᠷᠠᠯ ᠢ ᠬᠠᠷᠢᠴᠠᠭᠤᠯᠤᠨ ᠪᠢᠴᠢᠵᠠᠢ᠃ ︽ᠲᠡᠷᠡ ᠮᠢᠨᠤ ᠯᠡ ᠨᠢᠭᠡᠨ ᠠᠳᠠᠯᠢ ᠬᠥᠮᠥᠨ᠃ ᠪᠢᠳᠡᠨ | ᠤ ᠬᠤᠭᠤᠷᠤᠨᠳᠤ ᠶᠢᠨ ᠢᠯᠭᠠᠭ᠎ᠠ ᠭᠡᠪᠡᠯ ᠲᠠᠷᠠ ᠵᠥᠪᠭᠡᠨ ᠭᠤᠶᠤ ᠰᠠᠶᠢᠬᠠᠨ᠂ ᠥᠨᠡᠳᠤ ᠬᠤᠪᠴᠠᠰᠤ ᠡᠮᠤᠰᠳᠡᠭ᠃ | ᠬᠠᠷᠢᠨ ᠪᠢ ᠨᠤᠤᠷᠬᠠᠢ᠂ ᠮᠥᠷᠤ ᠪᠠᠨ ᠤᠯᠠᠶᠢᠯᠭᠠᠨ ᠶᠠᠪᠤᠳᠠᠭ᠂ ᠪᠢ ᠴᠠᠭ ᠢᠮᠠᠬᠳᠠ ᠥᠯᠥᠰᠬᠦᠯᠡᠩ ᠠᠴᠠ ᠪᠤᠯᠵᠤ | ᠰᠤᠯᠠᠳᠠᠨ ᠴᠡᠴᠡᠷᠡᠳᠡᠭ᠂ ᠬᠠᠷᠢᠨ ᠲᠡᠷᠡ ᠬᠡᠳᠤᠷᠭᠡᠢ ᠶᠡᠭᠡ ᠢᠳᠡᠭᠰᠡᠨ ᠳᠤ ᠪᠠᠨ ᠬᠡᠬᠡᠷᠡᠨ ᠵᠤᠪᠠᠳᠠᠭ ᠯᠡ ᠪᠠᠶᠢᠭ᠎ᠠ | ᠪᠠᠶᠢᠬ᠎ᠠ︾ ᠭᠡᠵᠤ ᠲᠥᠷᠰᠤᠯᠡᠵᠡᠢ᠃ ︽ᠭᠠᠶᠢᠬᠠᠮᠰᠢᠬᠳᠤ ᠭᠠᠯᠳᠤ ᠰᠤᠮᠤ︾ ᠨᠢᠭᠡᠨ ᠤᠮᠤᠷᠬᠠᠭ ᠪᠠᠷᠳᠠᠮ | ᠭᠠᠯᠳᠤ ᠰᠤᠮᠤᠨ ᠤ ᠥᠪᠡᠷ ᠤᠨ ᠬᠢᠨᠢ ᠤᠮᠤᠷᠬᠠᠯ ᠪᠠᠭ᠋ᠠᠷᠬᠠᠯ᠂ ᠪᠤᠰᠤᠳ ᠢ ᠪᠠᠰᠤᠮᠵᠢᠯᠠᠨ ᠲᠤᠭᠤᠬᠢᠯᠠᠬᠰᠠᠨ᠂ ᠡᠴᠤᠰ | ᠲᠤ ᠪᠠᠨ ᠮᠥᠬᠦᠨ ᠰᠥᠢᠷᠡᠭᠰᠡᠨ ᠢ ᠲᠥᠷᠰᠤᠯᠡᠨ ᠪᠢᠴᠢᠵᠠᠢ᠃ | ︽ᠺᠧᠨ᠋ᠲ᠋ᠧᠷᠸᠢᠯ ᠤᠨ ᠬᠡᠢ ᠥᠵᠡᠭᠳᠡᠯ︾ | ᠠᠷᠢᠭᠤᠨ ᠴᠠᠶᠢᠯᠭᠠᠨ ᠰᠡᠳᠬᠢᠯᠳᠤ ᠵᠢᠭᠠᠯ ᠥᠬᠢᠨ ᠬᠡᠢ ᠥᠵᠡᠭᠳᠡᠯ ᠲᠠᠢ ᠲᠡᠮᠡᠴᠡᠵᠤ ᠤᠶᠤᠨ ᠤᠬᠠᠭᠠᠨ | ᠠᠪᠢᠶᠠᠰ ᠪᠢᠯᠢᠭ ᠢᠶᠠᠷ ᠢᠶᠠᠨ ᠲᠡᠬᠦᠨ ᠢ ᠢᠯᠠᠨ ᠲᠠᠪᠠᠭᠰᠠᠨ ᠭᠠᠶᠢᠬᠠᠮᠰᠢᠬᠳᠤ ᠥᠯᠢᠭᠡᠷ ᠢ ᠪᠢᠴᠢᠵᠠᠢ᠃ | ︽ᠢᠳᠡᠭᠡᠯᠳᠤ ᠨᠥᠬᠦᠷ︾ | ᠵᠢᠭᠠᠬᠠᠨ ᠬᠠᠨᠠᠰ ᠤᠨ ᠠᠷᠢᠭᠤᠨ ᠴᠠᠶᠢᠯᠭᠠᠨ ᠰᠡᠳᠬᠢᠯ ᠢ ᠠᠳᠠᠭ ᠮᠠᠭᠤᠬᠠᠢ ᠪᠠᠷ ᠠᠰᠢᠬᠯᠠᠬᠰᠠᠨ ᠲᠡᠭᠡᠷᠡᠮᠴᠢᠨ ᠢ | ᠢᠳᠡᠭᠡᠯᠳᠤ ᠨᠥᠬᠦᠷ ᠭᠡᠵᠤ ᠠᠳᠡᠬᠦᠷᠡᠨ ᠲᠠᠰᠢᠶᠠᠷᠠᠬᠰᠠᠨ ᠤᠴᠢᠷ ᠢ ᠪᠢᠴᠢᠵᠠᠢ᠃ ᠬᠠᠷᠠᠮᠴᠢ ᠬᠠᠷᠬᠢᠰ ᠬᠡᠷᠴᠡᠭᠡᠢ ᠲᠡᠨᠡᠭ | ᠲᠡᠭᠡᠷᠡᠮᠴᠢᠨ ᠳᠤ ᠲᠤᠰᠠᠯᠠᠬᠰᠠᠭᠠᠷ ᠪᠠᠶᠢᠵᠤ ᠬᠠᠶᠢᠷᠨᠨ ᠠᠮᠢ ᠪᠠᠨ ᠠᠯᠳᠠᠬᠰᠠᠨ ᠲᠤᠬᠠᠢ ᠪᠢᠴᠢᠵᠤ ᠨᠥᠬᠦᠷ ᠲᠠᠶᠢᠰᠤᠨ ᠢ | ᠢᠯᠭᠠᠨ ᠲᠠᠨᠢᠬᠤ ᠶᠢ ᠲᠠᠮ ᠢᠶᠠᠷ ᠥᠬᠦᠯᠡᠵᠡᠢ᠃ | ︽ᠢᠨ᠋ᠹᠠᠨᠲ᠋ᠠ ᠶᠢᠨ ᠲᠥᠷᠥᠭᠰᠡᠨ ᠡᠳᠤᠷ ᠢᠶᠠᠷ︾ | ᠬᠠᠭᠠᠨ ᠤ ᠬᠥᠩᠵᠤ ᠢᠨ᠋ᠹᠠᠨᠲ᠋ᠠ ᠶᠢᠨ ᠲᠥᠷᠥᠭᠰᠡᠨ ᠡᠳᠤᠷ ᠢᠶᠠᠷ ᠨᠢᠭᠡᠨ ᠡᠷᠡᠮᠳᠡᠭ ᠪᠤᠯᠤᠬᠰᠠᠨ ᠤᠳᠤᠢ ᠬᠥᠤ | ᠶᠢ ᠠᠪᠴᠢᠷᠠᠵᠤ ᠲᠤᠬᠯᠠᠯᠳᠠ ᠬᠢᠯᠭᠡᠵᠡᠢ᠃ ᠬᠥᠩᠵᠤ ᠲᠡᠬᠦᠨ ᠢ ᠥᠵᠡᠭᠡᠳ ᠤᠴᠢᠷ ᠦᠭᠡᠢ ᠪᠠᠶᠠᠰᠤᠨ ᠢᠨᠢᠶᠡᠵᠤ | ᠬᠠᠭᠠᠨ ᠤᠷᠳᠤᠨ ᠳᠤ ᠪᠠᠨ ᠵᠠᠯᠠᠵᠠᠢ᠃ ᠬᠠᠴᠢᠨ ᠵᠢᠭᠠᠯ ᠤᠷᠳᠤᠨ ᠳᠤ ᠤᠷᠤᠭᠠᠳ ᠲᠤᠯᠢᠨ ᠳᠤ ᠲᠥᠷᠰᠤ ᠪᠠᠨ | ᠤᠯᠵᠤ ᠬᠠᠷᠠᠭᠠᠳ ᠮᠠᠰᠢᠳᠠ ᠭᠠᠶᠢᠬᠠᠨ ᠰᠤᠴᠢᠵᠤ ᠠᠶᠤᠨ ᠡᠮᠢᠶᠡᠵᠤ ᠭᠤᠨᠢᠬᠯᠠᠨ ᠵᠤᠪᠠᠵᠤ ᠴᠤᠷᠬᠢᠷᠠᠨ ᠤᠬᠢᠯᠠᠵᠤ | ᠠᠮᠢ ᠨᠠᠰᠤ ᠨᠢ ᠲᠠᠭᠤᠰᠴᠠᠢ᠃ ᠶᠠᠭᠠᠬᠢᠭᠠᠳ ᠬᠡᠪᠡᠯ ᠲᠡᠬᠦᠨ ᠤ ᠵᠢᠷᠤᠭᠡ ᠨᠢ ᠬᠠᠭᠠᠷᠠᠴᠢᠬᠠᠵᠠᠢ᠃ ᠬᠥᠩᠵᠤ ᠬᠥᠮᠥᠰᠭᠡ | ᠪᠠᠨ ᠵᠠᠩᠬᠢᠳᠤᠭᠠᠳ ᠥᠵᠡᠰᠬᠦᠯᠡᠩᠳᠤ ᠶᠠᠭᠠᠨ ᠤᠷᠤᠭᠤᠯ ᠢᠶᠠᠨ ᠲᠤᠭᠤᠮᠵᠢᠷ ᠦᠭᠡᠢ ᠬᠥᠭᠡᠷᠥᠬᠦᠨ ᠮᠤᠷᠤᠶᠢᠯᠭᠠᠵᠤ᠄ | ᠴᠠᠭᠠᠰᠢᠳᠠ ᠪᠠᠨ ᠤᠬᠳᠤ ᠵᠢᠷᠤᠭᠡ ᠪᠠᠶᠢᠬᠤ ᠦᠭᠡᠢ ᠬᠥᠮᠥᠰ ᠢ ᠨᠠᠳᠠ ᠲᠠᠢ ᠲᠤᠬᠯᠠᠭᠤᠯᠵᠤ ᠪᠠᠶᠢᠵᠤ ᠥᠵᠡᠭᠡᠷᠡᠢ ᠭᠡᠵᠤ | ᠲᠡᠷᠡ ᠬᠠᠰᠬᠢᠷᠤᠭᠠᠳ ᠴᠡᠴᠡᠷᠯᠢᠭ ᠤᠷᠤᠭᠤ ᠬᠥᠶᠥᠨ ᠤᠳᠴᠠᠢ᠃ ᠬᠠᠭᠠᠨ ᠤ ᠤᠷᠳᠤᠨ ᠤ ᠰᠡᠵᠢᠭᠯᠡᠯ ᠮᠡᠭᠡᠯᠡᠯ ᠠᠶᠤᠯ | ᠲᠥᠭᠰᠢᠬᠦᠷᠢᠳᠤ ᠪᠠᠶᠢᠳᠠᠯ ᠢ ᠲᠥᠷᠰᠤᠯᠡᠵᠡᠢ᠃ | ︽ᠵᠢᠭᠠᠰᠤᠴᠢᠨ ᠪᠠ ᠲᠡᠬᠦᠨ ᠤ ᠰᠥᠨᠡᠰᠤ︾ | ᠨᠢᠭᠡᠨ ᠵᠢᠭᠠᠰᠤᠴᠢᠨ ᠡᠷ᠎ᠡ ᠲᠠᠩᠬᠢᠰ ᠤᠨ ᠪᠢᠴᠢᠬᠠᠨ ᠥᠬᠢᠨ ᠢ ᠲᠤᠤᠷ ᠲᠤᠳᠤᠷ᠎ᠠ ᠠᠴᠠ ᠪᠠᠨ ᠤᠯᠵᠤ | ᠠᠪᠴᠠᠢ᠃ ᠲᠡᠬᠦᠨ ᠳᠤ ᠬᠠᠶᠢᠷᠠᠳᠠᠢ ᠪᠤᠯᠵᠤ ᠥᠪᠡᠷ ᠢᠶᠠᠨ ᠵᠢᠭᠠᠰᠤ ᠪᠤᠯᠵᠤ ᠲᠠᠩᠬᠢᠰ ᠤᠨ ᠬᠥᠨ ᠳᠤ ᠤᠴᠢᠵᠤ | ᠥᠬᠢᠨ ᠲᠠᠢ ᠬᠠᠮᠳᠤ ᠠᠮᠢᠳᠤᠷᠠᠵᠠᠢ᠃ ᠬᠡᠬᠦ ᠳᠤ ᠪᠠᠨ ᠵᠠᠪᠠᠯ ᠰᠥᠨᠡᠰᠤ ᠪᠠᠨ ᠤᠬᠳᠤᠯᠵᠤ ᠬᠠᠶᠠᠬᠤ ᠬᠡᠷᠡᠭᠳᠡᠢ ᠪᠤᠯᠵᠠᠢ᠃ | ᠰᠥᠨᠡᠰᠤ ᠨᠢ ᠲᠡᠬᠦᠨ ᠢ ᠬᠡᠴᠢᠨᠡᠨ ᠲᠠᠳᠠᠵᠤ ᠭᠠᠷᠭᠠᠬᠤ ᠭᠡᠵᠤ ᠮᠠᠰᠢ ᠤᠯᠠᠨ ᠠᠷᠭ᠎ᠠ ᠪᠢᠰᠢᠷ ᠭᠠᠷᠭᠠᠬᠰᠠᠨ ᠴᠦ | ᠵᠢᠭᠠᠰᠤᠴᠢᠨ ᠡᠷ᠎ᠡ ᠬᠠᠶᠢᠷ᠎ᠠ ᠰᠡᠳᠬᠢᠯ ᠠᠴᠠ ᠪᠠᠨ ᠤᠷᠪᠠᠭ᠎ᠠ ᠦᠭᠡᠢ᠃ | ᠬᠠᠶᠢᠷ᠎ᠠ᠂ ᠰᠡᠴᠠᠨ ᠤᠬᠠᠭᠠᠨ ᠠᠴᠠ ᠢᠯᠡᠬᠦᠤ᠂ ᠡᠳ᠋ ᠪᠠᠶᠠᠯᠢᠭ ᠠᠴᠠ ᠥᠨ᠎ᠡ ᠲᠠᠢ᠃ ᠲᠠᠩᠬᠢᠰ ᠤᠨ | ᠬᠥᠩᠵᠤ ᠪᠠᠨ ᠲᠠᠪᠠᠷᠢᠵᠤ ᠥᠬᠦᠭᠰᠡᠨ ᠵᠢᠭᠠᠰᠤᠴᠢᠨ ᠤ ᠬᠡᠬᠦ ᠢ ᠯᠠᠮᠠᠳᠠᠨ ᠨᠠᠷ ᠤᠯᠵᠠᠢ᠃ ᠠᠭᠤᠷ ᠬᠢᠯᠢᠩ ᠠᠴᠠ ᠨᠡᠩ | ᠡᠷᠬᠢᠮ ᠨᠢ ᠬᠠᠶᠢᠷ᠎ᠠ ᠭᠡᠳᠡᠭ ᠢ ᠠᠩᠬᠢᠯᠤᠮ᠎ᠠ ᠴᠠᠭᠠᠨ ᠴᠡᠴᠡᠭᠡᠰ ᠤᠨ ᠥᠨᠥᠷ ᠬᠤᠷᠠᠬᠰᠠᠨ ᠤᠯᠠᠨ ᠢ | ᠲᠤᠬᠳᠤᠯᠤᠭᠤᠯᠤᠨ ᠪᠠᠶᠠᠰᠬᠠᠬᠰᠠᠨ ᠢᠶᠠᠷ ᠥᠯᠢᠭᠡᠷ ᠲᠡᠬᠦᠰᠴᠠᠢ᠃ | ᠠᠨ᠋ᠲ᠋ᠤᠨᠢᠤ᠋ ᠳ᠋ᠧ ᠰᠧᠨ᠋ᠲ ᠡᠺᠶᠤᠫᠷᠢ ᠶᠢᠨ ᠪᠢᠴᠢᠭᠰᠡᠨ ︽ᠪᠢᠴᠢᠬᠠᠨ ᠬᠤᠩ ᠲᠠᠶᠢᠵᠢ︾ | ᠪᠢᠴᠢᠬᠠᠨ ᠬᠤᠩ ᠲᠠᠶᠢᠵᠢ ᠤᠯᠠᠨ ᠤᠳᠤ ᠭᠠᠷᠠᠭ ᠢᠶᠠᠷ ᠵᠤᠭᠠᠴᠠᠵᠤ ᠤᠯᠠᠨ ᠰᠤᠨᠢᠷᠬᠠᠯᠳᠠᠢ ᠰᠠᠶᠢᠬᠠᠨ | ᠥᠵᠡᠭᠳᠡᠯ ᠢ ᠤᠯᠵᠤ ᠬᠠᠷᠠᠬᠰᠠᠨ ᠵᠡᠷᠭᠡ ᠶᠢ ᠪᠢᠴᠢᠵᠤ ᠬᠤᠳᠠᠯ ᠬᠠᠭᠤᠷᠮᠠᠭ ᠤᠪ ᠮᠡᠭᠡ ᠶᠢ ᠢᠯᠡᠴᠢᠯᠡᠨ ᠥᠨᠡᠨᠴᠢ | ᠴᠢᠭᠡᠴᠢ ᠪᠠᠶᠢᠬᠤ ᠶᠢ ᠡᠷᠬᠢᠮᠯᠡᠭᠰᠡᠨ ᠮᠠᠰᠢ ᠬᠥᠨ ᠤᠳᠬ᠎ᠠ ᠲᠠᠢ ᠥᠯᠢᠭᠡᠷ ᠪᠤᠯᠤᠨ᠎ᠠ᠃ | ※ ᠥᠪᠡᠷ ᠢ ᠪᠠᠨ ᠰᠢᠬᠦᠨᠠ ᠭᠡᠳᠡᠭ ᠪᠤᠰᠤᠳ ᠢ ᠰᠢᠳᠭᠡᠬᠦ ᠠᠴᠠ ᠬᠡᠳᠤ ᠲᠠᠬᠢᠨ ᠬᠥᠨᠳᠤ ᠪᠠᠶᠢᠳᠠᠭ ᠶᠤᠮ᠃ | ᠬᠡᠷᠪᠡ ᠴᠢ ᠥᠪᠡᠷ ᠢ ᠪᠠᠨ ᠥᠨᠡᠨ ᠵᠥᠪ ᠢᠶᠠᠷ ᠰᠢᠬᠦᠵᠤ ᠴᠢᠳᠠᠪᠠᠯ ᠴᠢ ᠵᠢᠩᠬᠢᠨᠢ ᠠᠴᠠ ᠪᠠᠨ ᠰᠡᠴᠠᠨ ᠪᠢᠯᠢᠭ ᠲᠠᠢ | ᠨᠢᠭᠡᠨ ᠬᠡᠰᠡᠨ ᠥᠭᠡ᠃ | ᠬᠠᠮᠢᠭ᠎ᠠ ᠲᠤᠷᠠᠳᠠᠢ ᠭᠠᠵᠠᠷ ᠢᠶᠠᠨ ᠥᠪᠡᠷ ᠢᠶᠠᠨ ᠥᠪᠡᠷ ᠢ ᠪᠠᠨ ᠰᠢᠬᠦᠵᠤ ᠪᠤᠯᠤᠨ᠎ᠠ ᠰᠢᠤ ᠳ᠋ᠠ᠃ | ᠥᠭᠡᠨ ᠳᠤ ᠬᠥᠷᠬᠦ᠂ ᠵᠠᠯᠬᠠᠭᠤᠷᠠᠬᠤ ᠬᠤᠶᠠᠷ ᠢ ᠵᠡᠷᠭᠡᠴᠡᠬᠦᠯᠵᠤ ᠪᠤᠯᠬᠤ ᠦᠭᠡᠢ ᠰᠢᠤ᠃ | ᠬᠠᠮᠤᠭ ᠤᠨ ᠬᠢᠷᠠᠬᠠᠢ ᠬᠠᠷᠠᠴᠠ ᠵᠢᠷᠤᠭᠡᠨ ᠳᠤ ᠪᠠᠶᠢᠳᠠᠭ ᠶᠤᠮ ᠰᠢᠤ᠃ ᠬᠠᠮᠤᠭ ᠤᠨ ᠴᠢᠬᠤᠯᠠ ᠵᠥᠢᠯ ᠢ ᠨᠢᠳᠤ | ᠪᠠᠷ ᠬᠠᠷᠠᠵᠤ ᠴᠢᠳᠠᠬᠤ ᠦᠭᠡᠢ᠃ ᠴᠢ ᠲᠡᠬᠦᠨ ᠳᠤ ᠪᠥᠬᠦᠢ ᠯᠡ ᠰᠡᠳᠬᠢᠯ ᠢᠶᠠᠨ ᠵᠤᠷᠢᠭᠤᠯᠤᠬᠰᠠᠨ ᠪᠤᠯᠬᠤᠷ | ᠴᠢᠨᠤ ᠰᠠᠷᠭᠠᠢ ᠴᠢᠮ᠎ᠠ ᠳᠤ ᠲᠡᠶᠢᠮᠤ ᠥᠨ᠎ᠡ ᠲᠠᠢ ᠪᠠᠶᠢᠭ᠎ᠠ ᠶᠤᠮ᠃ | | | |