ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠵᠠᠮ ᠬᠠᠷᠢᠯᠴᠠᠭᠠᠨ ᠤ ᠰᠠᠭᠤᠷᠢ ᠪᠡᠯᠡᠳᠬᠡᠮᠵᠢ ᠶᠢᠨ | ᠪᠥᠲᠥᠭᠡᠨ ᠪᠠᠶᠢᠭᠤᠯᠤᠯᠲᠠ ᠳᠤ ᠨᠡᠶᠢᠭᠡᠮ ᠤᠨ ᠬᠥᠷᠥᠩᠭᠡ ᠶᠢᠨ ᠣᠷᠣᠯᠴᠠᠬᠤ ᠶᠢ ᠵᠣᠷᠢᠭᠵᠢᠭᠤᠯᠤᠨ ᠳᠡᠮᠵᠢᠵᠦ᠂ | ᠬᠤᠳᠠᠯᠳᠤᠭᠠᠴᠢᠨ ᠤᠷᠢᠵᠤ ᠪᠠᠯᠠ ᠣᠷᠣᠭᠤᠯᠬᠤ ᠶᠢ ᠠᠬᠢᠭᠤᠯᠤᠨ᠂ ᠲᠥᠷᠥᠯ ᠵᠦᠢᠯ ᠤᠨ ᠬᠡᠷᠡᠭᠵᠢᠭᠦᠯᠦᠯᠲᠡ ᠶᠢ | ᠠᠬᠢᠭᠤᠯᠬᠤ ᠶᠢᠨ ᠲᠤᠰᠠᠳᠠ᠂ 4 ᠳ᠋ᠦ᠋ᠭᠡᠷ ᠰᠠᠷ᠎ᠠ ᠶᠢᠨ 17 ᠤ ᠡᠳᠦᠷ᠂ ᠥᠪᠡᠷᠲᠡᠭᠡᠨ ᠵᠠᠰᠠᠬᠤ ᠣᠷᠣᠨ ᠤ ᠵᠠᠮ | ᠬᠠᠷᠢᠯᠴᠠᠭ᠎ᠠ ᠲᠡᠭᠡᠭᠡᠪᠦᠷᠢ ᠶᠢᠨ ᠲᠢᠩᠬᠢᠮ ᠨᠢ ᠵᠠᠰᠠᠭ ᠤᠨ ᠣᠷᠳᠣᠨ ᠪᠠ ᠨᠡᠶᠢᠭᠡᠮ ᠤᠨ ᠬᠥᠷᠥᠩᠭᠡ ᠶᠢᠨ | ᠬᠠᠮᠲᠤᠷᠠᠯᠴᠠᠭᠠᠨ ᠤ ᠰᠢᠨ᠎ᠡ ᠲᠣᠭᠲᠠᠴᠠ ᠪᠠᠷ ᠠᠬᠢᠭᠤᠯᠬᠤ ᠳᠤ ᠨᠡᠶᠢᠴᠡᠬᠦ ᠭᠤᠤᠯᠳᠠᠯᠭ᠎ᠠ ᠲᠠᠢ ᠵᠠᠰᠠᠮᠠᠯ ᠵᠠᠮ ᠤᠨ | ᠲᠥᠷᠥᠯ ᠵᠦᠢᠯ ᠤᠨ ᠨᠠᠷᠢᠨ ᠬᠠᠭᠤᠳᠠᠰᠤ ᠶᠢ ᠨᠡᠶᠢᠲᠡᠯᠡᠪᠡ᠃ | ᠨᠠᠷᠢᠨ ᠲᠠᠩᠰᠠ ᠶᠢ ᠦᠨᠳᠦᠰᠦᠯᠡᠪᠡᠯ᠂ ᠲᠣᠰ ᠤᠳᠠᠭ᠎ᠠ ᠦᠨᠳᠦᠰᠦᠨ ᠳᠡᠭᠡᠨ ᠵᠠᠰᠠᠭ ᠤᠨ ᠣᠷᠳᠣᠨ ᠪᠠ | ᠨᠡᠶᠢᠭᠡᠮ ᠤᠨ ᠬᠥᠷᠥᠩᠭᠡ ᠶᠢᠨ ᠬᠠᠮᠲᠤᠷᠠᠯᠴᠠᠭᠠᠨ ᠤ ᠰᠢᠨ᠎ᠡ ᠲᠣᠭᠲᠠᠴᠠ ᠪᠠᠷ ᠠᠬᠢᠭᠤᠯᠤᠭᠰᠠᠨ ᠭᠤᠤᠯᠳᠠᠯᠭ᠎ᠠ ᠲᠠᠢ | ᠵᠠᠰᠠᠮᠠᠯ ᠵᠠᠮ ᠤᠨ ᠲᠥᠷᠥᠯ ᠵᠦᠢᠯ 26 ᠪᠠᠶᠢᠵᠤ᠂ ᠶᠡᠷᠦᠩᠬᠡᠶ ᠣᠷᠳᠣ ᠨᠢ 2371.01 ᠺᠢᠯᠣᠮᠧᠳ᠋ᠷ ᠪᠠᠶᠢᠵᠤ᠂ | ᠡᠭᠦᠨ ᠳᠤ ᠳᠡᠭᠡᠳᠦ ᠬᠤᠷᠳᠤ ᠶᠢᠨ ᠵᠠᠰᠠᠮᠠᠯ ᠵᠠᠮ ᠤᠨ ᠲᠥᠷᠥᠯ ᠵᠦᠢᠯ 668.9 ᠺᠢᠯᠣᠮᠧᠳ᠋ᠷ᠂ ᠨᠢᠭᠡᠳᠦᠭᠡᠷ ᠳᠡᠰ ᠤᠨ | ᠵᠠᠰᠠᠮᠠᠯ ᠵᠠᠮ ᠤᠨ ᠲᠥᠷᠥᠯ ᠵᠦᠢᠯ 20᠂ 1653.17 ᠺᠢᠯᠣᠮᠧᠳ᠋ᠷ᠂ ᠬᠤᠶᠠᠳᠤᠭᠠᠷ ᠳᠡᠰ ᠤᠨ ᠵᠠᠰᠠᠮᠠᠯ ᠵᠠᠮ 49 | ᠺᠢᠯᠣᠮᠧᠳ᠋ᠷ ᠪᠠᠶᠢᠵᠤ᠂ ᠲᠥᠷᠥᠯ ᠵᠦᠢᠯ ᠤᠨ ᠰᠢᠨᠵᠢ ᠴᠢᠨᠠᠷ ᠲᠤ ᠰᠢᠨ᠎ᠡ ᠪᠠᠷ ᠪᠠᠶᠢᠭᠤᠯᠬᠤ᠂ ᠥᠭᠡᠷᠡᠴᠢᠯᠡᠨ ᠪᠠᠶᠢᠭᠤᠯᠬᠤ᠂ | ᠲᠠᠰ ᠳᠡᠪᠰᠢᠭᠦᠯᠦᠨ ᠥᠭᠡᠷᠡᠴᠢᠯᠡᠬᠦ ᠵᠡᠷᠭᠡ ᠪᠠᠭᠲᠠᠨ᠎ᠠ᠃ ᠡᠯ᠎ᠡ ᠠᠶᠢᠮᠠᠭ ᠬᠤᠲᠠ ᠶᠢᠨ ᠵᠠᠮ ᠬᠠᠷᠢᠯᠴᠠᠭ᠎ᠠ | ᠲᠡᠭᠡᠭᠡᠪᠦᠷᠢ ᠶᠢᠨ ᠲᠣᠪᠴᠢᠶ᠎ᠠ ᠲᠣᠰ ᠭᠠᠵᠠᠷ ᠣᠷᠣᠨ ᠤ ᠲᠥᠷᠥᠯ ᠵᠦᠶ᠋ᠯ ᠢ ᠪᠣᠳᠠᠲᠠᠶ ᠬᠡᠷᠡᠭᠵᠢᠭᠦᠯᠬᠦ ᠠᠵᠢᠯ ᠢ | ᠬᠠᠷᠢᠭᠤᠴᠠᠵᠤ᠂ ᠥᠪᠡᠷᠲᠡᠭᠡᠨ ᠵᠠᠰᠠᠬᠤ ᠣᠷᠣᠨ ᠤ ᠵᠠᠮ ᠬᠠᠷᠢᠯᠴᠠᠭ᠎ᠠ ᠲᠡᠭᠡᠭᠡᠪᠦᠷᠢ ᠶᠢᠨ ᠲᠢᠩᠬᠢᠮ ᠨᠢ ᠲᠥᠷᠥᠯ | ᠵᠦᠶ᠋ᠯ ᠢ ᠵᠣᠬᠢᠴᠠᠭᠤᠯᠤᠨ ᠠᠬᠢᠭᠤᠯᠬᠤ ᠠᠵᠢᠯ ᠢ ᠢᠳᠡᠪᠬᠢᠲᠡᠶ ᠰᠠᠶᠢᠲᠤᠷ ᠬᠢᠵᠦ᠂ ᠨᠡᠶᠢᠭᠡᠮ ᠤᠨ ᠬᠥᠷᠥᠩᠭᠡ ᠮᠥᠩᠭᠦ ᠶᠢ | ᠵᠠᠰᠠᠭ ᠤᠨ ᠣᠷᠳᠣᠨ ᠤ ᠲᠠᠯ᠎ᠠ ᠶᠢᠨ ᠬᠢᠨ ᠲᠠᠢ ᠨᠡᠪᠲᠡᠷᠡᠯᠴᠡᠨ ᠵᠣᠯᠭᠠᠭᠤᠯᠬᠤ ᠲᠠᠪᠴᠠᠩ ᠪᠠᠶᠢᠭᠤᠯᠵᠤ᠂ ᠨᠢᠭᠡ ᠪᠦᠯᠦᠭ | ᠴᠢᠬᠤᠯᠠ ᠶᠡᠭᠡ ᠲᠥᠷᠥᠯ ᠵᠦᠶ᠋ᠯ ᠤᠨ ᠲᠦᠷᠭᠡᠳᠬᠡᠨ ᠪᠥᠲᠥᠭᠡᠨ ᠪᠠᠶᠢᠭᠤᠯᠬᠤ ᠶᠢ ᠠᠬᠢᠭᠤᠯᠤᠨ᠎ᠠ᠃ |