ᠸᠠᠩ ᠨᠤᠶᠠᠨ ᠠᠴᠠ
ᠨᠡᠶᠢᠲᠡᠯᠡᠭᠰᠡᠨ ᠴᠠᠭ᠄
2024/7/24
     ᠸᠠᠩ ᠨᠣᠶᠠᠨ ᠠᠴᠠ ᠭᠤᠶᠤᠵᠦ ᠤᠯᠣᠭᠰᠠᠨ ᠬᠤᠨᠢᠨ                      ᠠᠡᠷᠠᠰᠣ ᠪᠠᠨ ᠶᠠᠳᠠᠭᠤ ᠡᠮᠡᠭᠡᠨ ᠳᠤ ᠪᠠᠯᠡᠭᠯᠡᠭᠰᠡᠨ            ᠳᠡᠷᠡ ᠦᠶ᠎ᠡ ᠳᠤ ᠬᠤᠰᠢᠭᠤᠨ ᠤ ᠸᠠᠩ ᠨᠠᠷ ᠪᠡᠭᠡᠵᠢᠩ ᠳᠤ ᠵᠢᠯ ᠪᠦᠷᠢ ᠵᠢᠰᠢᠶᠠᠨ ᠳᠤ ᠶᠠᠪᠤᠳᠠᠭ ᠪᠠᠶᠢᠪᠠ᠃ ᠨᠢᠭᠡ ᠵᠢᠯ ᠤᠨ ᠨᠠᠮᠤᠷ ᠪᠠᠭᠠᠷᠢᠨ ᠤ ᠵᠠᠭᠠᠷ ᠸᠠᠩ ᠪᠡᠭᠡᠵᠢᠩ ᠳᠤ ᠵᠢᠰᠢᠶᠠᠯᠠᠬᠤ ᠪᠠᠷ ᠮᠤᠷᠳᠠᠬᠤ ᠭᠡᠵᠦ ᠪᠠᠶᠢᠳᠠᠯ᠎ᠠ ᠱᠠᠭᠳᠠᠷ ᠬᠦᠷᠴᠦ ᠤᠴᠢᠭᠠᠳ ᠸᠠᠩ ᠤᠨ ᠤᠷᠳᠣᠨ ᠤ ᠡᠮᠦᠨ᠎ᠡ ᠮᠦᠷ ᠤᠨ ᠰᠠᠩ ᠤᠩᠰᠢᠵᠦ᠂ ᠸᠠᠩ ᠭᠠᠷᠴᠦ ᠢᠷᠡᠬᠦ  ᠶᠢ ᠳᠤᠬᠢᠶᠠᠯᠳᠣᠭᠤᠯᠤᠨ᠄            ︽ᠸᠠᠩ ᠨᠤᠶᠠᠨ ᠮᠢᠨᠢ ᠦᠷᠦᠰᠢᠶᠡᠯ ᠳᠡᠭᠡᠨ ᠪᠠᠭᠳᠠᠭᠠᠭᠠᠷᠠᠢ︕                  ᠤᠷᠤᠬᠤ ᠭᠡᠷ ᠤᠭᠤᠴᠢᠬᠤ ᠠᠶᠠᠭ᠎ᠠ ᠦᠭᠡᠢ᠂                  ᠤᠯᠠᠨ ᠢ ᠳᠣᠭᠤᠷᠢᠭᠰᠠᠨ ᠪᠳᠠᠶᠢᠷᠴᠢᠨ ᠨᠠᠮᠶᠢᠢ ᠮᠡᠳᠡᠬᠦ ᠦᠭᠡᠢ ᠤᠤ ᠳ᠋ᠠ᠂                  ᠬᠦᠭᠡ ᠡᠪᠦᠯ ᠤᠶᠢᠷᠠᠳᠣᠭᠰᠠᠨ ᠪᠤᠯᠬᠤᠷ                  ᠬᠦᠷᠦᠰᠣᠳᠣ ᠳᠡᠪᠡᠯ ᠭᠡᠷᠡᠭ ᠲᠠᠢ ᠪᠤᠯᠪᠠ︾ ᠭᠡᠰᠡᠨ ᠳᠤ ᠸᠠᠩ ᠰᠣᠨᠣᠰᠣᠭᠠᠳ ︽ᠦᠭᠬᠦ ᠦᠭᠡᠢ ᠪᠤᠯ ᠡᠨᠡ ᠰᠣᠯᠢᠶᠠᠳᠣ ᠬᠤᠶᠢᠨ᠎ᠠ ᠠᠴᠠ ᠬᠠᠷᠢᠶᠠᠯ ᠳᠠᠯᠪᠢᠪᠠᠯ ᠮᠦᠷ ᠲᠤ ᠦᠯᠵᠠᠢ ᠪᠡᠯᠭᠡ ᠮᠠᠭᠤᠳᠠᠢ ᠪᠣᠯᠤᠨ᠎ᠠ︾ ᠭᠡᠵᠦ ᠪᠤᠳᠣᠭᠠᠳ᠂ ᠪᠤᠶᠢᠳᠠ ᠨᠠᠷ ᠲᠠᠭᠠᠨ ᠵᠠᠬᠢᠵᠦ ᠱᠠᠭᠳᠠᠷ ᠲᠤ ᠵᠢᠷᠭᠤᠭᠠᠨ ᠬᠤᠨᠢᠨ ᠠᠷᠠᠰᠣ ᠦᠭᠬᠦᠬᠦᠯᠵᠠᠢ᠃             ᠱᠠᠭᠳᠠᠷ ᠤᠯᠤᠭᠰᠠᠨ ᠵᠢᠷᠭᠤᠭᠠᠨ ᠠᠷᠠᠰᠣ ᠪᠠᠨ ᠡᠬᠦᠷᠤᠨ ᠶᠠᠪᠤᠳᠠᠯ᠎ᠠ ᠦᠷ᠎ᠡ ᠭᠡᠤᠭᠡᠳ ᠭᠡᠵᠦ ᠦᠭᠡᠢ᠂ ᠡᠪᠦᠭᠡᠨ  ᠲᠠᠢ ᠪᠠᠨ ᠬᠤᠶᠠᠭᠤᠯᠠᠬᠠᠨ ᠠᠮᠢᠳᠣᠷᠠᠵᠦ ᠪᠠᠶᠢᠭᠰᠠᠨ ᠶᠠᠳᠠᠭᠤ ᠡᠮᠡᠭᠡᠨ ᠲᠦᠬᠢᠮ᠎ᠠ ᠲᠠᠢ ᠠᠭᠤᠯᠵᠠᠭᠠᠳ ᠡᠬᠦᠷᠴᠦ ᠶᠠᠪᠤᠭᠰᠠᠨ ᠠᠷᠠᠰᠣ ᠪᠠᠨ ᠦᠭᠴᠦ᠄                  ︽ᠸᠠᠩ ᠳᠤ ᠮᠦᠷ ᠤᠨ ᠰᠠᠩ ᠳᠠᠯᠪᠢᠵᠦ ᠦᠭᠬᠦᠭᠡᠳ‌ᠤᠯᠤᠭᠰᠠᠨ ᠠᠷᠠᠰᠣ ᠶᠤᠮ ᠡ᠃                ᠴᠢᠮ᠎ᠠ ᠳᠤ ᠦᠭᠬᠦᠶ᠎ᠡ᠃ ᠪᠠᠳᠢᠷᠴᠢᠨ ᠨᠠᠳᠠ ᠳᠤ ᠡᠶᠢᠮᠤ ᠠᠷᠠᠰᠣ ᠮᠤᠩᠳᠠᠬᠤ ᠦᠭᠡᠢ ᠶᠤᠮ᠃                ᠸᠠᠩ ᠢ ᠨᠢ ᠢᠷᠤᠭᠡᠵᠦ ᠪᠠᠶᠢᠭᠠᠳ ᠵᠢᠷᠭᠤᠭ᠎ᠠ ᠤᠯᠬᠤ ᠪᠢᠵᠡ︾ ᠭᠡᠵᠦ ᠭᠡᠯᠡᠭᠡᠳ ᠶᠠᠪᠤᠵᠦ ᠤᠳᠪᠠ᠃
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号