ᠬᠠᠭᠤᠴᠢᠨ ᠤᠯᠠᠷᠢᠯ ᠤᠨ ᠵᠢᠯ ᠤᠨ ᠡᠴᠦᠰ ᠬᠡᠭᠴᠢ ᠬᠠᠰᠢ ᠯᠡ ᠬᠠᠮᠤᠭ ᠠᠴᠠ ᠵᠢᠯ ᠤᠨ ᠡᠴᠦᠰ ᠤᠨ ᠰᠢᠨᠵᠢ | ᠲᠠᠢ᠃ ᠠᠶᠢᠯ ᠪᠠᠯᠭᠠᠰᠤᠨ ᠳᠤ ᠪᠠᠶᠢᠲᠤᠭᠠᠢ ᠤᠭᠲᠠᠷᠭᠤᠢ ᠳᠤ ᠴᠤ ᠭᠡᠳ ᠴᠠᠭᠠᠨ ᠰᠠᠷ᠎ᠠ ᠪᠤᠯᠤᠮᠠᠷ ᠪᠤᠯᠤᠭᠰᠡᠨ ᠠᠭᠤᠷ | ᠠᠮᠢᠰᠬᠤᠯ ᠢᠯᠡᠷᠡᠭᠰᠡᠨ ᠪᠠᠶᠢᠯ᠎ᠠ᠃ ᠨᠠᠲᠤᠭᠡᠷ ᠰᠠᠭᠠᠷᠠᠯ ᠦᠳᠡᠰᠢ ᠶᠢᠨ ᠡᠭᠦᠯᠡᠨ ᠲᠤᠲᠤᠷ᠎ᠠ ᠦᠶ᠎ᠡ ᠦᠶ᠎ᠡ ᠬᠢᠯᠡᠰ | ᠬᠢᠭᠰᠡᠨ ᠢᠶᠠᠨ ᠤᠭᠵᠤᠮᠬᠠᠨ ᠳᠤᠤᠭᠠᠷᠤᠭᠠᠳ ᠠᠪᠬᠤ ᠨᠢ ᠵᠤᠤᠬᠠᠨ ᠰᠠᠬᠢᠭᠤᠯᠰᠤᠨ ᠢ ᠮᠤᠷᠳᠠᠭᠤᠯᠬᠤ ᠫᠤᠤᠵᠢᠩ | ᠪᠤᠯᠤᠨ᠎ᠠ᠃ ᠤᠶᠢᠷ᠎ᠠ ᠬᠠᠪᠢ ᠳᠤ ᠨᠤᠴᠤᠨ ᠳᠡᠯᠪᠡᠷᠡᠬᠦ ᠫᠤᠤᠵᠢᠩ ᠤᠯᠠᠮ ᠰᠢᠷᠦᠭᠦᠰᠦᠭᠡᠳ ᠴᠢᠬᠢ ᠳᠦᠯᠡᠶᠢᠷᠡᠭᠦᠯᠦᠮᠡ | ᠶᠡᠭᠡ ᠳᠠᠭᠤᠨ ᠨᠠᠮᠲᠠᠭᠠ ᠦᠭᠡᠢ ᠪᠠᠷ ᠠᠭᠠᠷ ᠲᠤ ᠰᠤᠯᠡ ᠰᠢᠩᠭᠡᠨ ᠳᠠᠷᠢ ᠶᠢᠨ ᠠᠩᠬᠢᠯᠤᠮᠡᠯ ᠦᠨᠦᠷ ᠢᠶᠠᠷ | ᠳᠦᠭᠦᠷᠴᠢᠬᠡᠨᠡ᠃ ᠪᠢ ᠶᠠᠭ ᠡᠨᠡ ᠰᠦᠨᠢ ᠡᠭᠡ ᠨᠤᠲᠤᠭ ᠯᠤ᠋ ᠪᠠᠯᠭᠠᠰᠤᠨ ᠳᠤ ᠪᠠᠨ ᠬᠠᠷᠢᠵᠤ ᠤᠴᠢᠭᠰᠡᠨ ᠶᠤᠮ᠃ | ᠬᠡᠳᠦᠢ ᠪᠠᠷ ᠡᠭᠡ ᠨᠤᠲᠤᠭ ᠭᠡᠳᠡᠭ ᠪᠤᠯᠪᠠᠴᠤ ᠭᠡᠷ ᠦᠭᠡᠢ ᠪᠤᠯᠴᠢᠬᠠᠭᠰᠡᠨ ᠪᠤᠯᠬᠤᠷ ᠯᠤ᠋ ᠳᠦᠷᠪᠡᠳᠦᠭᠡᠷ ᠨᠤᠶᠠᠨ ᠤ ᠬᠢ | ᠳᠤ ᠲᠦᠷ ᠤᠷᠤᠩᠨᠠᠬᠤ ᠯᠡ ᠪᠤᠯᠵᠠᠢ᠃ ᠲᠡᠷᠡ ᠪᠤᠯ ᠮᠢᠨᠦ ᠲᠦᠷᠦᠯ ᠪᠦᠭᠡᠳ ᠨᠠᠳᠠ ᠠᠴᠠ ᠳᠡᠭᠡᠷ᠎ᠡ ᠨᠢᠭᠡ ᠦᠶ᠎ᠡ ᠲᠠᠢ | ᠪᠤᠯᠬᠤᠷ ︽ᠳᠦᠷᠪᠡᠳᠦᠭᠡᠷ ᠠᠪᠠᠭ᠎ᠠ︾ ᠭᠡᠵᠤ ᠳᠠᠭᠤᠳᠠᠬᠤ ᠶᠤᠰᠤᠲᠠᠢ᠃ ᠲᠡᠷᠡ ᠪᠤᠯ ᠮᠤᠷᠠᠯ ᠵᠦᠢ ᠶᠢ ᠡᠷᠬᠢᠮᠯᠡᠳᠡᠭ᠂ | ᠤᠯᠤᠰ ᠤᠨ ᠬᠦᠮᠦᠵᠢᠯ ᠤᠨ ᠵᠤᠷᠭᠠᠨ ᠤ ᠬᠠᠭᠤᠴᠢᠨ ᠤᠶᠤᠲᠠᠨ ᠪᠤᠯᠬᠤ ᠶᠤᠮ᠃ ᠲᠡᠷᠡ ᠤᠷᠢᠳ ᠠᠴᠠ ᠪᠠᠨ ᠳᠡᠮᠡᠢ | ᠴᠤ ᠶᠡᠭᠡ ᠬᠤᠪᠢᠷᠠᠯᠲᠡ ᠦᠭᠡᠢ᠂ ᠦᠲᠡᠯᠦᠰᠬᠢᠭᠰᠡᠨ ᠲᠡᠳᠦᠢ ᠯᠡ ᠪᠠᠶᠢᠯ᠂ ᠬᠡᠪᠡᠴᠤ ᠬᠠᠷᠢᠨ ᠰᠠᠬᠠᠯ ᠦᠯᠡᠳᠡᠭᠡᠭᠰᠡᠨ | ᠦᠭᠡᠢ ᠪᠠᠶᠢᠪᠠ᠃ ᠠᠭᠤᠯᠵᠠᠮᠠᠭᠴᠡ ᠠᠮᠤᠷ ᠮᠡᠳᠡᠯᠴᠡᠵᠤ ᠠᠮᠤᠷ ᠮᠡᠳᠡᠯᠴᠡᠭᠰᠡᠨ ᠤ ᠳᠠᠷᠠᠭ᠎ᠠ ᠨᠠᠮ᠎ᠡ ᠶᠢ | ︽ᠮᠠᠷᠢᠶᠠᠯᠠᠴᠢᠬᠠᠵᠠᠢ︾ ᠭᠡᠵᠤ᠂ ︽ᠮᠠᠷᠢᠶᠠᠯᠠᠴᠢᠬᠠᠵᠠᠢ︾ ᠭᠡᠰᠡᠨ ᠤ ᠪᠠᠨ ᠳᠠᠷᠠᠭ᠎ᠠ᠂ ᠬᠠᠷᠢᠨ ᠰᠢᠨ᠎ᠠ ᠨᠠᠮ ᠢᠶᠠᠨ ᠶᠡᠭᠡ ᠪᠠᠷ | ᠬᠠᠷᠢᠶᠠᠵᠤ ᠭᠠᠷᠤᠯ᠎ᠠ᠃ ᠬᠡᠪᠡᠴᠤ ᠡᠨᠡ ᠨᠢ ᠨᠠᠮ᠎ᠡ ᠶᠢ ᠳᠠᠭᠠᠷᠢᠭᠤᠯᠵᠤ ᠪᠠᠶᠢᠭ᠎ᠠ ᠪᠢᠰᠢ ᠭᠡᠳᠡᠭ ᠢ ᠪᠢ ᠮᠡᠳᠡᠵᠤ ᠪᠠᠶᠢᠯ᠎ᠠ᠄ | ᠤᠴᠢᠷ ᠨᠢ ᠲᠡᠭᠦᠨ ᠤ ᠬᠠᠷᠢᠶᠠᠵᠤ ᠪᠠᠶᠢᠭ᠎ᠠ ᠨᠢ ᠮᠦᠨ ᠯᠡ ᠺᠠᠩ ᠢᠤ ᠸᠧᠢ ᠪᠠᠶᠢᠵᠠᠢ᠃ ᠬᠡᠲᠡᠯ᠎ᠡ ᠶᠠᠷᠢᠯᠴᠠᠭ᠎ᠠ ᠶᠡᠷᠦ | ᠨᠢ ᠨᠡᠶᠢᠯᠠᠯᠴᠡᠵᠤ ᠦᠭᠬᠦ ᠦᠭᠡᠢ ᠪᠠᠶᠢᠪᠠ᠂ ᠲᠡᠶᠢᠨ ᠬᠦ ᠳᠡᠮᠡᠢ ᠴᠤ ᠤᠳᠠᠯ ᠦᠭᠡᠢ ᠪᠢ ᠭᠠᠭᠴᠡ ᠪᠠᠷ ᠪᠢᠴᠢᠭ ᠤᠨ | ᠦᠷᠦᠭᠡᠨ ᠳᠤ ᠬᠤᠴᠤᠷᠴᠢᠬᠠᠵᠠᠢ᠃ | ᠮᠠᠷᠭᠠᠰᠢ ᠨᠢ ᠪᠢ ᠮᠠᠰᠢ ᠤᠷᠤᠢ ᠪᠤᠰᠤᠯ᠎ᠠ᠃ ᠦᠳᠡ ᠶᠢᠨ ᠬᠤᠭᠤᠯᠠᠨ ᠤ ᠳᠠᠷᠠᠭ᠎ᠠ ᠬᠡᠳᠦᠨ ᠲᠦᠷᠦᠯ ᠪᠠ | ᠨᠠᠶᠢᠵᠢ ᠪᠠᠨ ᠡᠷᠬᠢᠵᠤ ᠦᠵᠡᠯ᠎ᠡ᠃ ᠭᠤᠷᠪᠠᠳᠤᠭᠠᠷ ᠡᠳᠦᠷ ᠲᠤ ᠪᠠᠨ ᠮᠦᠨ ᠢᠩᠬᠢᠵᠠᠢ᠃ ᠲᠡᠲᠡ ᠴᠤ ᠭᠡᠳ ᠪᠦᠷ | ᠳᠡᠮᠡᠢ ᠶᠡᠭᠡ ᠬᠤᠪᠢᠷᠠᠯᠲᠡ ᠦᠭᠡᠢ᠂ ᠦᠲᠡᠯᠦᠰᠬᠢᠭᠰᠡᠨ ᠳᠡᠳᠦᠢ ᠯᠡ ᠪᠠᠶᠢᠪᠠ᠂ ᠬᠡᠪᠡᠴᠤ ᠭᠡᠷ ᠭᠡᠷ ᠲᠤ ᠪᠠᠨ ᠬᠠᠷᠢᠨ | ᠨᠡᠶᠢᠳᠡᠮ ᠶᠠᠭᠠᠷᠠᠵᠠᠭᠠᠵᠤ ᠪᠦᠷ ︽ᠳᠠᠭᠠᠳᠬᠠᠯ︾ ᠬᠢᠬᠦ ᠪᠠᠷ ᠪᠠᠵᠠᠭᠠᠵᠠᠭᠠᠨᠠ᠃ ᠡᠨᠡ ᠪᠤᠯ ᠯᠤ᠋ ᠪᠠᠯᠭᠠᠰᠤᠨ ᠤ ᠵᠢᠯ | ᠤᠨ ᠡᠴᠦᠰ ᠤᠨ ᠶᠡᠭᠡ ᠶᠤᠰᠤᠯᠠᠯ᠂ ᠶᠡᠭᠡ ᠪᠠᠷ ᠬᠦᠨᠳᠦᠳᠭᠡᠵᠤ ᠶᠤᠰᠤ ᠪᠠᠨ ᠬᠦᠢᠴᠡᠳᠭᠡᠨ ᠪᠤᠶᠠᠨ ᠤ ᠰᠠᠬᠢᠭᠤᠯᠰᠤᠨ | ᠢ ᠤᠭᠲᠤᠨ ᠵᠠᠯᠠᠵᠤ᠂ ᠢᠷᠡᠬᠦ ᠵᠢᠯ ᠤᠨ ᠵᠢᠯ ᠲᠤᠷᠰᠢᠬᠢ ᠰᠠᠶᠢᠬᠠᠨ ᠬᠤᠪᠢ ᠲᠦᠭᠡᠷᠢᠭ ᠪᠠᠨ ᠭᠤᠶᠤᠵᠤ | ᠳᠠᠭᠠᠳᠬᠠᠨᠳᠠᠭ᠃ ᠳᠠᠬᠢᠶ᠎ᠡ ᠠᠯᠠᠵᠤ ᠭᠠᠯᠠᠭᠤ ᠨᠢᠲᠦᠯᠤᠨ ᠭᠠᠭ᠋ᠠᠢ ᠶᠢᠨ ᠮᠢᠬ᠎ᠠ ᠬᠤᠳᠠᠯᠳᠤᠨ ᠠᠪᠴᠤ ᠰᠡᠳᠬᠢᠯ | ᠲᠠᠯᠪᠢᠵᠤ ᠨᠠᠷᠢᠯᠢᠭ ᠤᠬᠢᠶᠠᠨ᠎ᠠ᠃ ᠡᠮᠡᠭᠲᠡᠶᠢᠴᠤᠳ ᠤᠨ ᠭᠠᠷ ᠴᠠᠷᠪᠠᠭᠤ ᠨᠢ ᠤᠰᠤᠨ ᠳᠤ ᠲᠡᠪᠲᠦᠵᠤ ᠨᠡᠶᠢᠲᠡᠮ | ᠤᠯᠠᠶᠢᠳᠠᠭ᠃ ᠵᠠᠷᠢᠮ ᠨᠢ ᠪᠠᠰᠡ ᠰᠦᠯᠵᠢᠮᠡᠯ ᠮᠥᠩᠬᠦᠨ ᠪᠠᠭᠤᠪᠴᠢ ᠵᠡᠭᠦᠭᠰᠡᠨ ᠪᠠᠶᠢᠳᠠᠭ᠃ ᠪᠤᠯᠭᠤᠭᠰᠡᠨ ᠤ ᠪᠠᠨ | ᠳᠠᠷᠠᠭ᠎ᠠ ᠡᠳᠡᠭᠡᠷ ᠳᠡᠭᠡᠷ᠎ᠡ ᠪᠠᠨ ᠪᠦᠯᠦᠭ ᠰᠠᠪᠬ᠎ᠠ ᠶᠢ ᠬᠦᠨᠳᠡᠯᠡᠨ ᠭᠤᠯᠳᠤ ᠠᠷᠵᠠᠶᠢᠲᠡᠯᠡ ᠬᠠᠳᠬᠤᠴᠢᠬᠠᠭᠠᠳ ᠲᠡᠭᠦᠨ | ᠢ ᠪᠠᠨ ︽ᠪᠤᠶᠠᠨ ᠤ ᠡᠷᠭᠦᠴᠡ︾ ᠭᠡᠵᠡᠭᠡᠵᠤ᠂ ᠲᠠᠪᠤᠨ ᠵᠢᠩ ᠤᠨ ᠦᠶ᠎ᠡ ᠪᠠᠷ ᠡᠩᠨᠡᠭᠦᠯᠦᠨ ᠵᠠᠰᠠᠵᠤ ᠬᠦᠵᠢ ᠵᠤᠯᠡ | ᠠᠰᠠᠭᠠᠨ ᠵᠤᠯ ᠵᠠᠶᠠᠭᠠᠴᠢ ᠨᠠᠷ ᠤᠨ ᠮᠤᠷᠢᠯᠠᠨ ᠰᠠᠭᠠᠲᠠᠵᠤ ᠵᠤᠭᠤᠭᠯᠠᠬᠤ ᠶᠢ ᠭᠤᠶᠤᠵᠠᠭᠠᠳᠠᠭ᠃ ᠬᠡᠪᠡᠴᠤ ᠳᠠᠬᠢᠭᠴᠢᠳ | ᠨᠢ ᠵᠦᠪᠭᠡᠨ ᠡᠷᠡᠭᠲᠡᠶᠢᠴᠤᠳ ᠲᠤ ᠯᠡ ᠬᠢᠵᠠᠭᠠᠷᠯᠠᠭᠳᠠᠵᠤ᠂ ᠳᠠᠬᠢᠵᠤ ᠪᠠᠷᠠᠭᠰᠡᠨ ᠤ ᠳᠠᠷᠠᠭ᠎ᠠ ᠠᠶᠠᠨᠳᠠᠭᠠᠨ ᠮᠦᠨ ᠯᠡ | ᠫᠤᠤᠵᠢᠩ ᠲᠠᠯᠪᠢᠵᠠᠭᠠᠨᠠ᠃ ᠵᠢᠯ ᠵᠢᠯ ᠡᠶᠢᠮᠦ᠂ ᠭᠡᠷ ᠭᠡᠷ ᠡᠶᠢᠮᠦ — ᠪᠤᠶᠠᠨ ᠤ ᠡᠷᠬᠦᠴᠡ ᠪᠠ.ᠫᠤᠤᠵᠢᠩ ᠮᠡᠲᠦᠰ ᠢ | ᠬᠤᠳᠠᠯᠳᠤᠨ ᠠᠪᠬᠤ ᠲᠡᠩᠭᠡᠭᠡ ᠲᠠᠢ ᠯᠡ ᠪᠤᠯ — ᠡᠨᠡ ᠵᠢᠯ ᠴᠤ ᠭᠡᠳ ᠶᠠᠷᠢᠶᠠᠨ ᠦᠭᠡᠢ ᠮᠦᠨ ᠡᠶᠢᠮᠦ᠃ ᠲᠩᠷᠢ | ᠤᠯᠠᠮ ᠪᠦᠷᠦᠩᠬᠦᠶᠢᠯᠡᠭᠡᠳ ᠦᠳᠡ ᠠᠴᠠ ᠬᠤᠶᠢᠰᠢ ᠴᠠᠰᠤ ᠤᠷᠤᠵᠤ ᠡᠬᠢᠯᠡᠵᠡᠢ᠃ ᠴᠠᠰᠤᠨ ᠴᠡᠴᠡᠭ ᠨᠢ | ᠲᠡᠷᠢᠭᠦᠯᠡᠭᠴᠢ ᠴᠡᠴᠡᠭ ᠤᠨ ᠴᠢᠨᠡᠭᠡᠨ ᠶᠡᠭᠡ᠂ ᠤᠭᠲᠠᠷᠭᠤᠢ ᠳᠦᠭᠦᠷᠡᠩ ᠳᠡᠷᠪᠡᠯᠵᠡᠨ ᠪᠠᠭᠤᠵᠤ᠂ ᠤᠲᠤᠭ᠎ᠠ ᠬᠦᠳᠡᠩ | ᠬᠢᠭᠡᠳ ᠶᠠᠭᠠᠷᠠᠵᠤ ᠮᠤᠩᠭᠠᠨᠢᠭᠰᠡᠨ ᠠᠮᠢᠰᠬᠤᠯ ᠲᠠᠢ ᠬᠤᠯᠢᠯᠳᠤᠵᠤ ᠯᠤ᠋ ᠪᠠᠯᠭᠠᠰᠤ ᠶᠢ ᠬᠤᠳᠬᠤᠭᠠᠳ ᠪᠦᠷ ᠴᠤ ᠡᠷᠦᠢ | ᠬᠤᠷᠤᠢ ᠦᠭᠡᠢ ᠪᠤᠯᠭᠠᠵᠠᠢ᠃ ᠨᠠᠮ᠎ᠡ ᠶᠢ ᠳᠦᠷᠪᠡᠳᠦᠭᠡᠷ ᠠᠪᠠᠭ᠎ᠠ ᠶᠢᠨ ᠪᠢᠴᠢᠭ ᠤᠨ ᠦᠷᠦᠭᠡᠨ ᠳᠤ ᠪᠤᠴᠠᠵᠤ ᠢᠷᠡᠬᠦ | ᠳᠤ ᠳᠡᠭᠡᠪᠤᠷ ᠸᠠᠭᠠᠷ ᠴᠠᠰᠤᠨ ᠳᠤ ᠴᠠᠶᠢᠷᠠᠭᠠᠳ ᠪᠠᠶᠢᠰᠢᠩ ᠲᠤᠲᠤᠷᠠᠬᠢ ᠶᠢ ᠴᠤ ᠨᠡᠯᠢᠶᠡᠳ ᠭᠡᠭᠡ ᠲᠠᠢ ᠪᠤᠯᠭᠠᠵᠤ | ᠬᠠᠨᠠᠨ ᠳᠤ ᠡᠯᠭᠦᠭᠳᠡᠭᠰᠡᠨ ᠰᠢᠩᠬᠤ ᠪᠠᠷ ᠬᠠᠭᠤᠯᠪᠤᠷᠢᠯᠠᠭᠰᠡᠨ ᠡᠪᠦᠭᠡ ᠴᠧᠨ ᠲᠤᠸᠠᠨ ᠪᠠᠭᠰᠢᠲᠡᠨ ᠤ ᠲᠤᠮᠤ | ︽ᠬᠤᠲᠤᠭ︾ ᠭᠡᠬᠦ ᠬᠢᠲᠡᠳ ᠪᠢᠴᠢᠯᠭᠡ ᠶᠢ ᠮᠠᠰᠢ ᠲᠤᠲᠤᠬᠠᠨ ᠬᠠᠷᠠᠭᠳᠠᠭᠤᠯᠤᠨ᠎ᠠ᠃ ᠨᠢᠭᠡ ᠲᠠᠯ᠎ᠠ ᠶᠢᠨ ᠬᠢ | ᠤᠶᠠᠩᠭᠠᠨᠢ ᠮᠤᠯᠲᠤᠷᠠᠵᠤ ᠤᠨᠠᠭᠰᠡᠨ ᠢ ᠰᠤᠯᠠᠬᠠᠨ ᠬᠤᠶᠢᠯᠠᠵᠤ ᠰᠢᠷᠡᠭᠡᠨ ᠳᠡᠭᠡᠷ᠎ᠡ ᠲᠠᠯᠪᠢᠵᠠᠢ᠃ ᠨᠦᠬᠦᠭᠡ ᠲᠠᠯ᠎ᠠ | ᠶᠢᠨ ᠤᠶᠠᠩᠭ᠎ᠠ ᠨᠢ ᠮᠦᠨ ᠪᠠᠶᠢᠭᠰᠠᠭᠠᠷ᠄ ︽ᠬᠡᠷᠡᠭ ᠶᠤᠰᠤᠨ ᠳᠤᠷ ᠬᠦᠢᠴᠡᠳ ᠨᠡᠪᠲᠡᠷᠡᠭᠦᠨ ᠬᠡᠭᠦᠳᠡᠭ ᠴᠡᠭᠡᠵᠢ | ᠨᠠᠶᠢᠷᠠᠮᠳᠠᠭᠤ ᠲᠠᠶᠢᠪᠤᠭᠤᠨ︾ ᠭᠡᠰᠡᠨ ᠪᠢᠴᠢᠭᠡᠰᠦᠲᠡᠢ᠃ ᠪᠢ ᠮᠦᠨ ᠯᠡ ᠤᠴᠢᠷ ᠪᠦᠬᠦᠨ ᠳᠤ ᠤᠷᠮ᠎ᠡ ᠦᠭᠡᠢ ᠰᠢᠨᠵᠢ | ᠲᠠᠢ ᠴᠤᠩᠬᠤᠨ ᠳᠡᠷᠭᠡᠳᠡ ᠬᠦᠷᠴᠤ ᠰᠢᠷᠡᠭᠡᠨ ᠳᠡᠭᠡᠷᠡᠬᠢ ᠶᠢ ᠭᠠᠷ ᠤᠨ ᠠᠶ᠎ᠡ ᠪᠠᠷ ᠤᠷᠪᠠᠭᠤᠯᠤᠭᠰᠡᠨ ᠳᠤ ᠨᠢᠭᠡ | ᠤᠪᠤᠭ᠎ᠠ ᠠᠷᠠᠢ ᠪᠦᠷᠢᠨ ᠪᠤᠰᠤ ᠪᠤᠯᠤᠯᠲᠡᠢ ︽ᠡᠩᠭᠡ ᠠᠮᠤᠭᠤᠯᠠᠩ ᠤᠨ ᠦᠰᠦᠭ ᠤᠨ ᠲᠤᠯᠢ︾᠂ ᠨᠢᠭᠡ ︽ᠤᠷᠴᠢᠮ | ᠰᠡᠳᠬᠢᠭᠰᠡᠨ ᠲᠡᠮᠲᠡᠭᠯᠡᠯ ᠤᠨ ᠡᠮᠭᠢᠳᠭᠡᠯ ᠲᠠᠶᠢᠯᠪᠤᠷᠢ︾ ᠬᠢᠭᠡᠳ ᠨᠢᠭᠡ ︽ᠳᠦᠷᠪᠡᠨ ᠪᠢᠴᠢᠭ ᠤᠨ ᠳᠤᠷᠠᠶᠢᠯᠭᠠᠯ︾ | ᠬᠠᠷᠠᠭᠳᠠᠵᠠᠢ᠃ ᠶᠠᠮᠠᠷ ᠪᠤᠯᠤᠭᠰᠡᠨ ᠴᠤ ᠪᠢ ᠵᠠᠪᠠᠯ ᠮᠠᠷᠭᠠᠰᠢ ᠳᠤ ᠪᠠᠨ ᠶᠠᠪᠤᠬᠤ ᠪᠠᠷ ᠰᠢᠢᠳᠦᠭᠰᠡᠨ ᠪᠠᠶᠢᠯ᠎ᠠ᠃ | | |