ᠵᠠᠯᠮ᠎ᠠ
ᠨᠡᠶᠢᠲᠡᠯᠡᠭᠰᠡᠨ ᠴᠠᠭ᠄
2024/8/29
     ᠵᠠᠯᠮ᠎ᠠ ︵ᠪᠠᠷᠤᠭ ᠣᠨ ᠳᠣᠭᠠᠯᠠᠯ ᠤᠨ 1160 ~1210 ᠣᠨ ᠤ ᠬᠤᠭᠤᠷᠣᠨᠳᠣ ᠠᠮᠢᠳᠣᠷᠠᠵᠦ ᠪᠠᠶᠢᠪᠠ︶ ᠮᠣᠩᠭᠤᠯ ᠤᠨ ᠣᠷᠢᠶᠠᠩᠬᠠᠨ ᠠᠪᠣᠭᠳᠠᠨ᠃ ᠳᠡᠮᠣᠵᠢᠨ ᠢ ᠳᠠᠭᠠᠵᠦ ᠮᠣᠩᠭᠤᠯ ᠢ ᠨᠢᠬᠡᠳᠬᠡᠬᠦ ᠶᠡᠭᠡ ᠣᠶᠢᠯᠡᠰ ᠲᠤ ᠬᠦᠴᠦ ᠪᠠᠨ ᠡᠷᠬᠦᠪᠡ᠃ ᠣᠯᠠᠨ ᠣᠳᠠᠭᠠᠨ ᠤ ᠦᠬᠦᠵᠦ ᠰᠡᠬᠡᠬᠦ ᠳᠣᠯᠣᠯᠳᠣᠭᠠᠨ ᠳᠣᠮᠳᠠ ᠳᠡᠮᠣᠵᠢᠨ ᠤ ᠠᠮᠢ ᠶᠢ ᠭᠤᠷᠪᠠᠨᠳᠠ ᠠᠪᠣᠷᠠᠵᠦ᠂ ᠳᠦᠷᠪᠡ ᠣᠳᠠᠭ᠎ᠠ ᠳᠠᠶᠢᠰᠣᠨ ᠤ ᠭᠠᠷ ᠠᠴᠠ ᠴᠢᠩᠬᠢᠰ ᠤᠨ ᠳᠦᠷᠪᠡᠳᠦᠬᠡᠷ ᠬᠦᠦ ᠳᠣᠯᠣᠢ  ᠶᠢ ᠪᠣᠯᠢᠶᠠᠵᠦ ᠠᠪᠴᠢᠷᠠᠭᠰᠠᠨ ᠪᠠᠶᠢᠨ᠎ᠠ᠃ 1206 ᠣᠨ ᠳᠤ᠂ ᠶᠡᠭᠡ ᠮᠣᠩᠭᠤᠯ ᠣᠯᠣᠰ ᠪᠠᠶᠢᠭᠤᠯᠣᠭᠳᠠᠨ ᠳᠡᠮᠣᠵᠢᠨ ᠴᠢᠩᠬᠢᠰ ᠬᠠᠭᠠᠨ ᠡᠷᠬᠦᠮᠵᠢᠯᠡᠭᠳᠡᠬᠦ ᠳᠤ᠂ ᠵᠠᠯᠮ᠎ᠠ ᠶᠢ ᠣᠯᠠᠨ ᠳᠦᠰᠢᠮᠡᠳ ᠤᠨ ᠳᠡᠷᠢᠬᠦᠨ ᠰᠠᠶᠢᠳ —— ᠠᠷᠪᠠᠨ ᠭᠠᠪᠢᠶᠠᠳᠦ ᠳᠦᠰᠢᠮᠡᠯ ᠤᠨ ᠨᠢᠬᠡ ᠪᠣᠯᠵᠦ ᠡᠷᠬᠦᠮᠵᠢᠯᠡᠪᠡ᠃ ᠢᠩᠬᠢᠬᠡᠳ 95 ᠮᠢᠩᠭᠠᠨ ᠤ ᠨᠣᠶᠠᠨ ᠤ ᠳᠣᠳᠣᠷᠠᠬᠢ ᠶᠢᠰᠦᠳᠦᠬᠡᠷ ᠲᠤ ᠵᠢᠭᠰᠠᠭᠠᠭᠳᠠᠵᠦ ᠦᠶ᠎ᠡ ᠣᠯᠠᠷᠢᠨ ᠵᠠᠯᠭᠠᠮᠵᠢᠯᠠᠬᠤ ᠪᠣᠯᠭᠠᠪᠠ᠃ ᠬᠠᠭᠠᠨ ᠳᠦᠷᠦ ᠶᠢᠨ ᠶᠡᠭᠡ ᠳᠦᠰᠢᠮᠡᠯ      —— ᠳᠦᠷᠪᠡᠨ ᠨᠣᠬᠠᠢ ᠶᠢᠨ ᠳᠡᠷᠢᠬᠦᠨ ᠪᠣᠯᠭᠠᠭᠰᠠᠨ ᠪᠦᠬᠡᠳ ᠶᠢᠰᠦᠨ ᠣᠳᠠᠭ᠎ᠠ ᠠᠯᠳᠠᠭ᠎ᠠ ᠭᠠᠷᠭᠠᠬᠤ  ᠳᠤ ᠶᠠᠯᠠᠯᠬᠤ ᠦᠭᠡᠢ ᠳᠣᠰᠬᠠᠢ ᠡᠷᠬᠡ ᠬᠦᠷᠳᠡᠭᠡᠭᠰᠡᠨ ᠪᠠᠶᠢᠨ᠎ᠠ᠃ ᠵᠠᠯᠮ᠎ᠠ ᠶᠢᠨ ᠣᠨᠴᠠᠭᠠᠢ ᠭᠠᠪᠢᠶ᠎ᠠ ᠵᠢᠳᠬᠦᠯ ᠠᠴᠠ ᠪᠣᠯᠵᠦ ᠳᠡᠬᠦᠨ ᠤ ᠦᠷ᠎ᠡ ᠬᠤᠶᠢᠴᠢᠰ ᠨᠢ ᠴᠢᠩᠬᠢᠰ ᠬᠠᠭᠠᠨ ᠠᠴᠠ ᠬᠤᠶᠢᠰᠢ ᠴᠢᠩ ᠣᠯᠣᠰ ᠤᠨ ᠳᠦᠷᠦ ᠬᠦᠷᠴᠦ ᠢᠷᠡᠳᠡᠯ᠎ᠡ ᠬᠠᠭᠠᠨ ᠳᠦᠷᠦ ᠶᠢᠨ ᠳᠠᠪᠣᠨᠠᠩ ᠡᠷᠬᠦᠮᠵᠢᠯᠡᠭᠳᠡᠭᠰᠡᠨ ᠪᠠᠶᠢᠪᠠ᠃            ᠣᠷᠢᠶᠠᠩᠬᠠᠨ ᠠᠶᠢᠮᠠᠭ ᠤᠨ ᠬᠤᠶᠢᠴᠢᠰ ᠡᠪᠦᠭᠡ ᠳᠡᠬᠡᠳᠦ ᠶᠢᠨ ᠰᠢᠳᠣᠷᠭᠤ ᠵᠢᠷᠣᠮ᠂ ᠡᠷᠡᠯᠬᠡᠭ ᠪᠠᠭᠠᠳᠣᠷ᠂ ᠰᠡᠴᠡᠨ ᠰᠡᠷᠬᠦᠯᠡᠩ ᠣᠷ᠎ᠠ ᠣᠬᠠᠭᠠᠨ ᠢ ᠵᠠᠯᠭᠠᠮᠵᠢᠯᠠᠵᠦ᠂ ᠦᠨᠢ ᠣᠳᠠᠭᠠᠨ ᠳᠡᠣᠬᠡᠨ ᠨᠣᠭᠤᠴᠠᠭᠠᠨ ᠳᠤ ᠪᠠᠯᠠᠷᠠᠰᠢ ᠦᠭᠡᠢ ᠵᠢᠳᠬᠦᠯ ᠦᠵᠡᠬᠦᠯᠦᠭᠰᠡᠨ ᠪᠢᠯᠡ︕
 
ᠢᠷᠡᠯᠲᠡ᠄ ᠲᠤᠭᠤᠷᠢᠭ ᠤᠨ ᠠᠷᠠᠳ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号