ᠲᠡᠭᠡᠬᠦ ᠮᠦᠷᠲᠡᠭᠡᠨ ᠦᠴᠦᠭᠡᠳᠦᠷ ᠰᠢᠶᠠᠩ ᠯᠢᠨ ᠪᠡᠷᠭᠡᠨ ᠲᠠᠢ ᠤᠴᠠᠷᠠᠭᠰᠡᠨ ᠶᠠᠪᠤᠳᠠᠯ ᠨᠡᠩ ᠨᠠᠮ᠎ᠡ ᠶᠢ ᠠᠮᠤᠷ | ᠰᠠᠭᠤᠵᠤ ᠴᠢᠳᠠᠬᠤ ᠦᠭᠡᠢ ᠪᠤᠯᠭᠠᠵᠠᠢ᠃ ᠦᠳᠡ ᠠᠴᠠ ᠬᠤᠶᠢᠰᠢᠬᠢ ᠤᠴᠢᠷ ᠪᠠᠶᠢᠭᠰᠡᠨ ᠪᠢᠯᠡ᠃ ᠪᠢ ᠪᠠᠯᠭᠠᠰᠤᠨ ᠤ | ᠵᠠᠭᠦᠨᠲᠡᠢ ᠤᠴᠢᠵᠤ ᠨᠠᠶᠢᠵᠢ ᠲᠠᠢ ᠪᠠᠨ ᠠᠭᠤᠯᠵᠠᠵᠤ ᠭᠠᠷᠴᠤ ᠢᠷᠡᠭᠡᠳ ᠭᠤᠤᠯ ᠤᠨ ᠡᠷᠬᠢ ᠳᠡᠭᠡᠷ᠎ᠡ ᠶᠠᠪᠤᠵᠤ | ᠪᠠᠶᠢᠭᠠᠳ ᠲᠡᠭᠦᠨ ᠲᠠᠢ ᠤᠴᠠᠷᠠᠭᠰᠡᠨ ᠶᠤᠮ᠃ ᠲᠡᠭᠡᠬᠦ ᠳᠤ ᠪᠦᠯᠲᠡᠶᠢᠨ ᠰᠢᠷᠲᠡᠭᠰᠡᠨ ᠬᠠᠷᠠᠴᠡ ᠠᠴᠠ ᠨᠢ ᠢᠪ | ᠢᠯᠡᠷᠭᠡᠢ ᠨᠠᠳᠠ ᠤᠷᠤᠭᠤ ᠢᠷᠡᠵᠤ ᠪᠠᠶᠢᠭ᠎ᠠ ᠨᠢ ᠮᠡᠳᠡᠭᠳᠡᠵᠤ ᠪᠠᠶᠢᠭᠰᠡᠨ ᠶᠤᠮ᠃ ᠡᠨᠡ ᠤᠳᠠᠭ᠎ᠠ ᠯᠤ᠋ ᠪᠠᠯᠭᠠᠰᠤᠨ ᠳᠤ | ᠬᠠᠷᠢᠵᠤ ᠢᠷᠡᠭᠰᠡᠨ ᠤ ᠳᠠᠷᠠᠭ᠎ᠠ ᠤᠯᠵᠤ ᠦᠵᠡᠭᠰᠡᠨ ᠬᠦᠮᠦᠰ ᠤᠨ ᠲᠤᠲᠤᠷ᠎ᠠ ᠬᠤᠪᠢᠷᠠᠯᠲᠡ ᠶᠡᠭᠡ ᠪᠠᠷ ᠢᠶᠠᠨ ᠲᠡᠭᠦᠨ ᠢ | ᠳᠠᠪᠠᠭ᠋ᠤ ᠬᠦᠮᠦᠨ ᠦᠭᠡᠢ ᠭᠡᠵᠤ ᠬᠡᠯᠡᠵᠤ ᠪᠤᠯᠤᠨ᠎ᠠ᠃ ᠲᠠᠪᠤᠨ ᠵᠢᠯ ᠤᠨ ᠡᠮᠦᠨᠠᠬᠢ ᠪᠤᠭᠤᠷᠤᠯᠰᠢᠭᠰᠡᠨ ᠭᠡᠵᠢᠭᠡ ᠨᠢ | ᠤᠳᠤ ᠪᠦᠷ ᠴᠤᠯ ᠴᠠᠭᠠᠨ ᠪᠤᠯᠴᠢᠬᠠᠵᠤ ᠳᠦᠴᠢ ᠤᠷᠴᠢᠮ ᠨᠠᠰᠤᠨ ᠤ ᠬᠦᠮᠦᠨ ᠤ ᠰᠢᠨᠵᠢ ᠤᠭᠲᠤ ᠦᠭᠡᠢ ᠪᠤᠯᠵᠠᠢ᠃ | ᠴᠢᠷᠠᠢ ᠨᠢ ᠦᠵᠡᠬᠦ ᠶᠢᠨ ᠠᠷᠭ᠎ᠠ ᠦᠭᠡᠢ ᠲᠤᠷᠠᠵᠤ ᠶᠠᠩᠬᠢᠢᠨ ᠰᠢᠷᠠᠯᠠᠵᠤ ᠬᠦᠭᠡᠷᠡᠭᠡᠳ ᠤᠷᠢᠳ ᠤᠨ ᠭᠤᠨᠢᠭᠯᠠᠭᠤᠨ | ᠰᠢᠨᠵᠢ ᠨᠢ ᠪᠠᠯᠠᠯᠤᠭᠳᠠᠵᠤ ᠠᠷᠢᠯᠤᠭᠠᠳ ᠮᠤᠳᠤᠨ ᠰᠡᠶᠢᠯᠦᠮᠡᠯ ᠰᠢᠭ ᠪᠤᠯᠤᠭᠰᠡᠨ ᠪᠠᠶᠢᠯ᠎ᠠ᠃ ᠨᠢᠳᠦᠨ ᠴᠡᠴᠡᠭᠡᠢ ᠨᠢ | ᠬᠠᠶᠡ ᠨᠢᠭᠡ ᠡᠷᠬᠢᠯᠳᠦᠵᠤ ᠠᠪᠬᠤᠯᠠᠷ ᠰᠠᠶ᠋ᠢ ᠲᠡᠭᠦᠨ ᠢ ᠠᠮᠢ ᠲᠠᠢ ᠶᠠᠭᠤᠮ᠎ᠡ ᠭᠡᠵᠤ ᠮᠡᠳᠡᠨ᠎ᠡ᠃ ᠲᠡᠷᠡ ᠨᠢᠭᠡ ᠭᠠᠷ | ᠲᠤ ᠪᠠᠨ ᠬᠤᠯᠤᠰᠤᠨ ᠰᠠᠭᠰᠤ ᠲᠤᠬᠤᠶᠢᠯᠠᠵᠠᠢ᠃ ᠲᠤᠲᠤᠷ᠎ᠠ ᠨᠢ ᠡᠮᠲᠡᠷᠭᠡᠢ ᠠᠶᠠᠭ᠎ᠠ ᠲᠠᠢ᠂ ᠠᠶᠠᠭ᠎ᠠ ᠨᠢ ᠬᠤᠭᠤᠰᠤᠨ | ᠪᠠᠶᠢᠪᠠ᠃ ᠨᠦᠬᠦᠭᠡ ᠭᠠᠷ ᠲᠤ ᠪᠠᠨ ᠪᠡᠶ᠎ᠡ ᠠᠴᠠ ᠪᠠᠨ ᠬᠤᠯᠡ ᠦᠨᠳᠦᠷ᠂ ᠶᠤᠵᠤᠭᠤᠷ ᠨᠢ ᠰᠠᠯᠪᠠᠷᠠᠭᠰᠡᠨ | ᠬᠤᠯᠤᠰᠤᠨ ᠲᠠᠶᠠᠭ ᠪᠠᠷᠢᠵᠠᠢ᠃ ᠲᠡᠷᠡ ᠨᠢᠭᠡᠮᠦᠰᠦᠨ ᠭᠤᠶᠢᠷᠠᠨᠴᠢ ᠬᠡᠮᠡᠷ ᠪᠤᠯᠴᠢᠬᠠᠭᠰᠡᠨ ᠨᠢ ᠢᠯᠡᠷᠭᠡᠢ ᠪᠠᠶᠢᠯ᠎ᠠ᠃ | ᠪᠢ ᠤᠷᠤᠨ ᠳᠤ ᠪᠠᠨ ᠵᠤᠭᠰᠤᠴᠢᠬᠠᠭᠠᠳ ᠵᠤᠭᠤᠰ ᠢᠷᠡᠵᠤ ᠭᠤᠶᠤᠬᠤ ᠶᠢ ᠨᠢ ᠬᠦᠯᠢᠶᠡᠯ᠎ᠡ᠃ ︽ᠴᠢ | ᠬᠠᠷᠢᠭᠠᠳ ᠢᠷᠡᠴᠢᠭᠡᠪᠡ ᠤᠤ︖︾ ᠭᠡᠵᠤ ᠲᠡᠷᠡ ᠤᠷᠢᠳ ᠢᠶᠠᠷ ᠠᠰᠠᠭᠤᠵᠤ ᠭᠠᠷᠤᠯ᠎ᠡ᠃ ︽ᠲᠡᠶᠢᠮᠦ ᠡ︾᠃ ︽ᠶᠠᠭ | ᠰᠠᠶᠢᠬᠠᠨ ᠪᠤᠯᠵᠠᠢ᠃ ᠴᠢ ᠴᠢᠨᠢ ᠪᠢᠴᠢᠭ ᠲᠠᠢ ᠬᠦᠮᠦᠨ᠂ ᠲᠡᠭᠡᠬᠦ ᠮᠦᠷᠲᠡᠭᠡᠨ ᠭᠠᠳᠠᠭᠰᠢ ᠶᠠᠪᠤᠭᠰᠡᠨ ᠬᠦᠮᠦᠨ᠂ | ᠦᠵᠡᠵᠤ ᠮᠡᠳᠡᠭᠰᠡᠨ ᠵᠦᠢᠯ ᠠᠷᠪᠢᠨ᠃ ᠪᠢ ᠶᠠᠭ ᠴᠢᠮ᠎ᠡ ᠠᠴᠠ ᠨᠢᠭᠡ ᠶᠠᠭᠤᠮ᠎ᠡ ᠠᠰᠠᠭᠤᠶᠡ ᠭᠡᠵᠤ ᠪᠠᠶᠢᠭᠰᠡᠨ —︾ | ᠭᠡᠳ ᠲᠡᠷᠡ ᠬᠦ ᠵᠢᠯᠭ᠎ᠠ ᠦᠭᠡᠢ ᠨᠢᠳᠦ ᠨᠢ ᠬᠡᠨᠡᠳᠲᠡ ᠬᠡᠷᠡᠯᠲᠦᠵᠡᠢ᠃ ᠪᠢ ᠲᠡᠭᠦᠨ ᠢ ᠢᠩᠬᠢᠵᠤ ᠶᠠᠷᠢᠨ᠎ᠠ ᠭᠡᠵᠤ | ᠤᠭᠲᠤ ᠪᠤᠳᠤᠵᠤ ᠤᠯᠤᠭᠰᠡᠨ ᠦᠭᠡᠢ ᠪᠤᠯᠬᠤᠷ ᠭᠠᠶᠢᠬᠠᠰᠢ ᠠᠯᠳᠠᠨ ᠵᠤᠭᠰᠤᠵᠠᠢ᠃ ︽ᠡᠶᠢᠮᠦ ᠤᠴᠢᠷ —︾ | ᠭᠡᠳ ᠲᠡᠷᠡ ᠬᠤᠶᠠᠷ ᠠᠯᠬᠤᠮ ᠳᠦᠬᠦᠵᠤ ᠳᠠᠭᠤ ᠪᠠᠨ ᠳᠤᠤᠷ᠎ᠠ ᠪᠤᠯᠭᠠᠨ ᠲᠤᠶᠢᠯ ᠤᠨ ᠨᠢᠭᠤᠴᠡ ᠳᠠᠯᠳᠠ ᠰᠢᠤᠬᠠᠨ | ᠰᠢᠪᠡᠨᠡᠨ᠄ ︽ᠬᠦᠮᠦᠨ ᠦᠬᠦᠪᠡᠯ ᠴᠤᠬᠤᠮ ᠰᠦᠭ ᠰᠦᠨᠡᠰᠦ ᠭᠡᠵᠤ ᠪᠠᠶᠢᠳᠠᠭ ᠤᠤ ᠦᠭᠡᠢ ᠤᠤ︖︾ ᠭᠡᠯᠡ᠃ | ᠪᠢ ᠲᠤᠩ ᠠᠶᠢᠳᠠᠰ ᠬᠦᠷᠴᠤ ᠨᠠᠳᠠ ᠤᠷᠤᠭᠤ ᠰᠢᠷᠲᠡᠵᠤ ᠪᠠᠶᠢᠭ᠎ᠠ ᠨᠢᠳᠦ ᠶᠢ ᠨᠢ ᠬᠠᠷᠠᠮᠠᠭᠴᠡ ᠵᠤ ᠤᠷᠤᠭᠤ | ᠪᠠᠨ ᠰᠤᠷ ᠦᠷᠭᠡᠰᠦ ᠪᠠᠷ ᠬᠠᠳᠬᠤᠯᠤᠭᠠᠳ ᠠᠪᠤᠭᠰᠡᠨ ᠰᠢᠭ᠋ ᠪᠤᠯᠵᠤ᠂ ᠰᠤᠷᠤᠭᠴᠢ ᠪᠠᠶᠢᠬᠤ ᠳᠤ ᠪᠡᠯᠡᠳᠭᠡᠯ ᠦᠭᠡᠢ | ᠪᠠᠷ ᠬᠡᠨᠡᠳᠲᠡ ᠶᠢᠨ ᠰᠢᠯᠭᠠᠯᠲᠡ ᠳᠤ ᠦᠷᠲᠦᠭᠰᠡᠨ ᠲᠡᠳᠦᠢ ᠦᠭᠡᠢ ᠪᠠᠰᠡ ᠶᠠᠭ ᠰᠠᠶᠢᠬᠠᠨ ᠪᠠᠭᠰᠢ ᠳᠡᠷᠭᠡᠳᠡ | ᠵᠤᠭᠰᠤᠴᠢᠬᠠᠭᠰᠡᠨ ᠦᠶ᠎ᠡ ᠠᠴᠠ ᠴᠤ ᠢᠯᠡᠭᠦᠦ ᠪᠠᠯᠠᠭ ᠠᠯᠳᠠᠵᠠᠢ᠃ ᠰᠦᠭ ᠰᠦᠨᠡᠰᠦ ᠤᠷᠤᠰᠢᠳᠠᠭ ᠡᠰᠡ ᠬᠦ ᠲᠤᠬᠠᠢ | ᠪᠢ ᠶᠡᠷᠦ ᠠᠴᠠ ᠪᠠᠨ ᠤᠭᠲᠤ ᠰᠡᠳᠬᠢᠯ ᠲᠠᠯᠪᠢᠳᠠᠭ ᠦᠭᠡᠢ ᠪᠠᠶᠢᠭᠰᠡᠨ ᠶᠤᠮ᠃ ᠭᠡᠲᠡᠯ᠎ᠡ ᠡᠨᠡ ᠮᠦᠴᠡ ᠳᠤ ᠲᠡᠭᠦᠨ | ᠳᠤ ᠶᠠᠭᠠᠬᠢᠵᠤ ᠬᠠᠷᠢᠭᠤᠯᠪᠠᠯ ᠵᠤᠬᠢᠬᠤ ᠪᠢᠯᠡ︖ ᠪᠢ ᠠᠭᠱᠠᠨ ᠵᠠᠭᠤᠷ᠎ᠠ ᠲᠦᠲᠡᠭᠡᠯᠵᠡᠭᠰᠡᠨ ᠢᠶᠠᠨ᠂ ᠠᠳᠡᠬᠢ ᠬᠦᠮᠦᠰ | ᠵᠤᠷᠰᠢᠯ ᠢᠶᠠᠷ ᠢᠶᠠᠨ ᠪᠤᠯ ᠴᠢᠳᠬᠦᠷ ᠪᠠᠶᠢᠳᠠᠭ ᠢ ᠢᠳᠡᠭᠡᠲᠡᠭ ᠶᠤᠮ ᠰᠠᠨ᠂ ᠭᠡᠲᠡᠯ᠎ᠡ ᠲᠡᠷᠡ ᠬᠠᠷᠢᠨ ᠡᠭᠡᠳᠡᠷᠡᠵᠤ | ᠪᠠᠶᠢᠨ᠎ᠠ — ᠡᠰᠡᠭᠦᠯ᠎ᠡ ᠬᠦᠰᠡᠵᠤ ᠪᠠᠶᠢᠨ᠎ᠠ ᠭᠡᠵᠤ ᠬᠡᠯᠡᠬᠦ ᠶᠢ ᠬᠦᠷᠬᠦ ᠦᠭᠡᠢ᠄ ᠲᠡᠭᠦᠨ ᠤ ᠪᠠᠶᠢᠬᠤ ᠶᠢ ᠬᠦᠰᠡᠵᠤ | ᠪᠠᠶᠢᠬᠤ ᠮᠦᠷᠲᠡᠭᠡᠨ ᠪᠠᠶᠢᠬᠤ ᠦᠭᠡᠢ ᠶᠢ ᠴᠦ ᠬᠦᠰᠡᠵᠤ ᠪᠠᠶᠢᠨ᠎ᠠ ᠁ ᠡᠴᠦᠰ ᠵᠠᠮ ᠳᠤ ᠪᠠᠨ ᠤᠷᠤᠴᠢᠬᠠᠭᠰᠡᠨ | ᠬᠦᠮᠦᠨ ᠤ ᠵᠤᠪᠠᠯᠠᠩ ᠢ ᠨᠡᠮᠡᠭᠳᠡᠭᠦᠯᠦᠭᠡᠳ ᠶᠠᠭᠠᠬᠢᠬᠤ ᠪᠤᠢ᠂ ᠲᠡᠭᠦᠨ ᠤ ᠲᠦᠯᠦᠭᠡ ᠪᠠᠶᠢᠨ᠎ᠠ ᠯᠡ ᠭᠡᠵᠤ ᠬᠠᠷᠢᠭᠤᠯᠬᠤ | ᠶᠢ ᠬᠦᠷᠬᠦ ᠦᠭᠡᠢ ᠭᠡᠵᠤ ᠪᠤᠳᠤᠵᠤ ᠭᠠᠷᠤᠯ᠎ᠡ᠃ | ︽ᠪᠠᠶᠢᠵᠤ ᠴᠤ ᠮᠡᠳᠡᠨ᠎ᠡ — ᠮᠢᠨᠦ ᠪᠤᠳᠤᠬᠤ ᠪᠠᠷ︾ ᠭᠡᠵᠤ ᠪᠢ ᠲᠠᠲᠠᠭᠠᠯᠵᠠᠩᠭᠤᠶᠢᠬᠠᠨ ᠬᠡᠯᠡᠵᠡᠢ᠃ ︽ | ᠲᠡᠭᠡᠪᠡᠯ᠂ ᠡᠷᠯᠢᠭ ᠲᠠᠮᠤ ᠴᠤ ᠪᠠᠶᠢᠨ᠎ᠠ ᠪᠢᠵᠡ︖︾ ︽ᠠ︕ ᠲᠠᠮᠤ ᠤᠤ︖︾ ᠭᠡᠵᠤ ᠪᠢ ᠶᠡᠭᠡᠳᠡ ᠰᠤᠴᠢᠨ | ᠲᠤᠷᠴᠤ ᠲᠡᠭᠡᠭᠯᠡᠭᠰᠡᠭᠡᠷ᠄ ︽ᠲᠠᠮᠤ ᠤᠤ︖ — ᠶᠤᠰᠤᠨ ᠳᠤ ᠪᠠᠨ ᠪᠤᠯ᠂ ᠪᠠᠰᠡ ᠪᠠᠶᠢᠬᠤ ᠶᠤᠰᠤᠲᠠᠢ᠃— | ᠭᠡᠪᠡᠴᠤ ᠪᠠᠰᠡ ᠵᠠᠪᠠᠯ ᠪᠠᠶᠢᠳᠠᠭ ᠴᠤ ᠪᠢᠰᠢ ᠁ ᠡᠶᠢᠮᠦᠷᠬᠦ ᠶᠠᠪᠤᠳᠠᠯ ᠢ ᠬᠡᠨ ᠬᠠᠮᠢᠶᠠᠷᠬᠤ ᠪᠢᠯᠡ ᠁︾ ᠭᠡᠯᠡ᠃ | ︽ᠲᠡᠶᠢᠮᠦ ᠪᠤᠯ ᠦᠬᠦᠴᠢᠭᠡᠭᠰᠡᠨ ᠨᠢᠭᠡ ᠭᠡᠷ ᠤᠨ ᠬᠦᠮᠦᠨ ᠡᠴᠦᠰ ᠲᠤ ᠪᠠᠨ ᠪᠦᠷ ᠤᠴᠠᠷᠠᠵᠤ ᠴᠢᠳᠠᠨ᠎ᠠ ᠪᠢᠵᠡ︖︾ | ︽ᠬᠠᠢ ᠳ᠋ᠠ᠂ ᠤᠴᠠᠷᠠᠨ᠎ᠠ ᠤᠤ ᠦᠭᠡᠢ ᠤᠤ︖ ᠁︾ ᠡᠨᠡ ᠦᠶ᠎ᠡ ᠪᠢ ᠰᠠᠶ᠋ᠢ ᠦᠪᠡᠷ ᠤᠨ ᠢᠶᠠᠨ ᠪᠦᠷᠢᠮᠦᠰᠦᠨ | ᠪᠠᠯᠠᠢ ᠬᠦᠮᠦᠨ ᠪᠠᠶᠢᠭᠰᠠᠭᠠᠷ ᠭᠡᠳᠡᠭ ᠢ ᠮᠡᠳᠡᠵᠡᠢ᠃ ᠶᠠᠭᠠᠬᠢᠵᠤ ᠲᠠᠲᠠᠪ ᠶᠠᠲᠠᠪ ᠬᠢᠵᠤ ᠶᠠᠭᠠᠬᠢᠵᠤ ᠲᠦᠰᠦᠪᠯᠡᠭᠰᠡᠨ | ᠪᠤᠯᠪᠠᠴᠤ ᠭᠤᠷᠪᠠᠭ᠋ᠠᠨ ᠠᠰᠠᠭᠤᠯᠲᠡ ᠶᠢ ᠬᠠᠷᠢᠭᠤᠴᠠᠵᠤ ᠴᠢᠳᠠᠭᠰᠡᠨ ᠦᠭᠡᠢ᠃ ᠪᠠᠢ ᠳᠠᠷᠤᠶᠢᠬᠠᠨ ᠵᠢᠷᠦᠭᠡᠰᠢᠶᠡᠵᠤ | ᠡᠬᠢᠯᠡᠨ ᠡᠮᠦᠨᠠᠬᠢ ᠦᠭᠡ ᠪᠠᠨ ᠪᠦᠬᠦᠨ ᠢ ᠪᠤᠴᠠᠭᠠᠬᠤ ᠭᠡᠵᠤ᠄ ︽ᠲᠠᠷᠡ ᠴᠢᠨᠢ ᠁ ᠦᠨᠡᠨ ᠢ ᠬᠡᠯᠡᠪᠡᠯ᠂ ᠪᠢ | ᠲᠤᠲᠤᠷᠬᠠᠢ ᠬᠡᠯᠡᠵᠤ ᠬᠦᠴᠦᠷᠡᠬᠦ ᠦᠭᠡᠢ ᠁᠃ ᠦᠨᠡᠨ ᠳᠤ ᠪᠠᠨ᠂ ᠰᠦᠭ ᠰᠦᠨᠡᠰᠦ ᠴᠤᠬᠤᠮ ᠪᠠᠶᠢᠨ᠎ᠠ ᠤᠤ | ᠦᠭᠡᠢ ᠤᠤ ᠭᠡᠳᠡᠭ ᠢ᠂ ᠪᠢ ᠪᠠᠰᠡ ᠲᠤᠲᠤᠷᠬᠠᠢ ᠬᠡᠯᠡᠵᠤ ᠬᠦᠴᠦᠷᠡᠬᠦ ᠦᠭᠡᠢ︾ ᠭᠡᠯᠡ᠃ ᠪᠢ ᠲᠡᠭᠦᠨ ᠤ ᠳᠠᠬᠢᠨ | ᠱᠠᠯᠠᠪᠳᠠᠨ ᠠᠰᠠᠭᠤᠬᠤ ᠦᠭᠡᠢ ᠶᠢ ᠨᠢ ᠵᠠᠪᠳᠤᠨ ᠳᠠᠷᠤᠶᠢᠬᠠᠨ ᠰᠠᠯᠵᠤ ᠡᠴᠢᠨ ᠰᠡᠩᠳᠡ ᠮᠡᠩᠳᠡᠬᠡᠨ ᠠᠯᠬᠤᠵᠤ ᠯᠤ᠋ | ᠳᠦᠷᠪᠡᠳᠦᠭᠡᠷ ᠠᠪᠠᠭ᠎ᠠ ᠶᠢᠨ ᠭᠡᠷ ᠲᠤ ᠲᠤᠲᠠᠭᠠᠵᠤ ᠬᠦᠷᠴᠠᠢ᠂ ᠰᠡᠳᠬᠢᠯ ᠲᠤᠲᠤᠷ᠎ᠠ ᠲᠤᠩ ᠠᠶᠠᠭᠦᠢ ᠰᠠᠨᠠᠭᠳᠠᠵᠤ | ᠪᠠᠶᠢᠯ᠎ᠠ᠃ ᠮᠢᠨᠦ ᠬᠠᠷᠢᠭᠤᠯᠲᠡ ᠲᠡᠭᠦᠨ ᠳᠤ ᠪᠠᠭ᠎ᠠ ᠰᠠᠭ᠎ᠠ ᠴᠤ ᠭᠡᠰᠡᠨ ᠠᠶᠤᠯ ᠲᠠᠢ ᠪᠤᠯᠤᠭᠤᠵᠠᠢ ᠬᠡᠮᠡᠨ ᠪᠢ | ᠡᠮᠢᠶᠠᠯᠡ᠃ ᠲᠡᠷᠡ ᠪᠠᠷᠤᠭ ᠪᠤᠰᠤᠳ ᠬᠦᠮᠦᠰ ᠤᠨ ᠳᠠᠭᠠᠳᠬᠠᠯ ᠬᠢᠬᠦ ᠳᠤᠮᠳᠠ ᠠᠴᠠ ᠭᠠᠭᠴᠠᠭᠠᠷᠳᠠᠯ ᠢᠶᠠᠨ ᠰᠠᠷᠠᠵᠤ | ᠤᠯᠤᠭᠰᠡᠨ ᠪᠠᠶᠢᠵᠤ ᠮᠡᠳᠡᠨ᠎ᠡ᠂ ᠬᠠᠷᠢᠨ ᠡᠰᠡᠭᠦᠯ᠎ᠡ ᠶᠠᠮᠠᠷᠬᠠᠨ ᠤᠨᠳᠤᠤ ᠰᠠᠨᠠᠭ᠎ᠠ ᠲᠠᠢ ᠴᠤ ᠶᠤᠮ ᠤᠤ ᠳ᠋ᠠ︖ — | ᠡᠰᠡᠭᠦᠯ᠎ᠡ ᠶᠠᠮᠠᠷ ᠵᠦᠢᠯ ᠤᠨ ᠰᠤᠪᠢᠩ ᠲᠠᠢ ᠪᠤᠯᠤᠭᠰᠡᠨ ᠴᠤ ᠶᠤᠮ ᠤᠤ︖ ᠬᠡᠷᠪᠡ ᠤᠨᠳᠤᠤ ᠰᠠᠨᠠᠭ᠎ᠠ ᠲᠠᠢ | ᠪᠤᠯᠤᠭᠠᠳ᠂ ᠮᠦᠨ ᠡᠭᠦᠨ ᠠᠴᠠ ᠪᠠᠨ ᠪᠤᠯᠵᠤ ᠤᠨᠳᠤᠤ ᠬᠡᠷᠡᠭ ᠡᠭᠦᠰᠴᠢᠬᠡᠪᠡᠯ᠂ ᠮᠢᠨᠦ ᠬᠠᠷᠢᠭᠤᠯᠲᠡ ᠦᠨᠡᠭᠡᠷ | ᠬᠠᠷᠢᠨ ᠬᠠᠮᠢᠶ᠎ᠡ ᠪᠦᠬᠦᠢ ᠬᠠᠷᠢᠭᠤᠴᠠᠯᠭ᠎ᠠ ᠡᠭᠦᠷᠭᠡᠯᠡᠬᠦ ᠬᠡᠷᠡᠭᠲᠡᠢ ᠪᠤᠯᠤᠨ᠎ᠠ ᠳ᠋ᠠ ᠁ ᠭᠡᠵᠤ ᠪᠤᠳᠤᠵᠤ ᠭᠠᠷᠤᠯ᠎ᠡ᠃ | ᠬᠡᠪᠡᠴᠤ ᠵᠠᠯᠭᠠᠭᠠᠳ ᠬᠠᠷᠢᠨ ᠪᠡᠶ᠎ᠡ ᠳᠤ ᠪᠠᠨ ᠢᠨᠢᠶᠡᠳᠤ ᠬᠦᠷᠴᠢᠭᠡᠯᠡ᠃ ᠬᠡᠨᠡᠳᠲᠡ ᠶᠢᠨ ᠬᠡᠷᠡᠭ᠂ ᠤᠭ ᠠᠴᠠ ᠪᠠᠨ | ᠶᠠᠮᠠᠷ ᠴᠤ ᠬᠦᠨ ᠤᠳᠬ᠎ᠠ ᠭᠡᠵᠤ ᠦᠭᠡᠢ ᠪᠠᠶᠢᠲᠠᠯ᠎ᠠ ᠪᠢ ᠬᠠᠷᠢᠨ ᠵᠤᠷᠢᠭᠤᠲᠡ ᠨᠠᠷᠢᠨ ᠵᠦᠢᠴᠢᠯᠡᠵᠤ ᠤᠬᠤᠴᠢᠯᠠᠬᠤ | ᠴᠢᠨᠢ᠂ ᠶᠠᠭ ᠰᠤᠷᠭᠠᠨ ᠬᠦᠮᠦᠵᠢᠯ ᠤᠨ ᠡᠷᠳᠡᠮᠲᠡᠳ ᠲᠤ ᠮᠡᠳᠡᠷᠡᠯ ᠤᠨ ᠡᠪᠡᠳᠴᠢᠨ ᠤᠯᠵᠠᠢ ᠭᠡᠵᠤ ᠬᠡᠯᠡᠭᠳᠡᠬᠦ ᠬᠠᠴᠢᠨ | ᠪᠢᠰᠢ ᠶᠤᠮ᠃ ᠭᠡᠬᠦ ᠮᠦᠷᠲᠡᠭᠡᠨ ︽ᠲᠤᠲᠤᠷᠬᠠᠢ ᠬᠡᠯᠡᠵᠤ ᠬᠦᠴᠦᠷᠡᠬᠦ ᠦᠭᠡᠢ︾ ᠭᠡᠵᠤ ᠲᠤᠪ ᠲᠤᠲᠤᠷᠬᠠᠢ | ᠬᠡᠯᠡᠴᠢᠭᠡᠵᠤ ᠬᠠᠷᠢᠭᠤᠯᠤᠭᠰᠡᠨ ᠦᠭᠡ ᠪᠠᠨ ᠪᠦᠬᠦᠨ ᠢ ᠪᠤᠴᠠᠭᠠᠭᠰᠡᠨ ᠲᠤᠯᠡ ᠶᠠᠮᠠᠷᠬᠠᠨ ᠬᠡᠷᠡᠭ ᠡᠭᠦᠰᠴᠢᠭᠡᠬᠦ ᠪᠠᠷ | ᠪᠤᠳᠤᠴᠢᠬᠠᠬᠤ ᠳᠤ ᠨᠠᠳᠠ ᠲᠠᠢ ᠤᠭᠲᠤ ᠬᠠᠷᠢᠴᠠᠭ᠎ᠠ ᠦᠭᠡᠢ ᠪᠤᠯᠴᠢᠬᠠᠨ᠎ᠠ ᠳ᠋ᠠ ᠭᠡᠵᠤ ᠰᠠᠨᠠᠯ᠎ᠠ᠃ ︽ᠲᠤᠲᠤᠷᠬᠠᠢ | ᠬᠡᠯᠡᠵᠤ ᠬᠦᠴᠦᠷᠡᠬᠦ ᠦᠭᠡᠢ︾ ᠭᠡᠳᠡᠭ ᠪᠤᠯ ᠲᠤᠶᠢᠯ ᠤᠨ ᠬᠡᠷᠡᠭ ᠲᠠᠢ ᠦᠭᠡ ᠶᠤᠮ᠃ ᠲᠦᠭᠦᠭᠡ ᠤᠷᠤᠭ᠎ᠠ ᠦᠭᠡᠢ | ᠠᠲᠠᠯ᠎ᠠ ᠡᠷᠡᠯᠭᠡᠭ ᠰᠦᠰᠦ ᠲᠠᠢ ᠪᠠᠭᠠᠴᠤᠤᠯ ᠬᠡᠭᠴᠢ ᠢᠮᠠᠭᠲᠡ ᠬᠦᠮᠦᠨ ᠤ ᠡᠷᠡᠭᠡᠯᠵᠡᠭᠡ ᠲᠠᠢ ᠠᠰᠠᠭᠤᠳᠠᠯ ᠢ ᠵᠤᠷᠢᠭ | ᠲᠠᠢ ᠰᠢᠢᠳᠪᠤᠷᠢᠯᠡᠵᠤ ᠦᠭᠳᠡᠭ᠃ | ᠡᠮᠴᠢ ᠰᠤᠩᠭᠤᠭᠰᠡᠨ ᠤ ᠳᠠᠷᠠᠭ᠎ᠠ ᠡᠴᠦᠰ ᠲᠡᠭᠦᠰᠭᠡᠯ ᠨᠢ ᠰᠠᠶᠢᠨ ᠪᠢᠰᠢ ᠪᠤᠯ ᠶᠡᠭᠡ ᠲᠦᠯᠦᠪ ᠭᠡᠳᠡᠷᠬᠦ ᠪᠠᠨ | ᠵᠢᠮᠡᠯᠡᠭᠳᠡᠯ ᠳᠤ ᠬᠦᠷᠳᠡᠭ᠃ ᠭᠡᠲᠡᠯ᠎ᠡ ᠡᠨᠡ ᠬᠦ ᠲᠤᠲᠤᠷᠬᠠᠢ ᠬᠡᠯᠡᠵᠤ ᠴᠢᠳᠠᠬᠤ ᠦᠭᠡᠢ ᠬᠡᠭᠴᠢ ᠪᠠᠷ ᠲᠡᠭᠦᠰᠭᠡᠪᠡᠯ | ᠬᠠᠷᠢᠨ ᠬᠡᠷᠡᠭ ᠪᠦᠬᠦᠨ ᠳᠤ ᠰᠠᠨᠠᠭᠠᠨ ᠲᠠᠪᠠ ᠪᠠᠷ ᠢᠶᠠᠨ ᠪᠠᠶᠢᠵᠤ ᠴᠢᠳᠠᠨ᠎ᠠ᠃ ᠡᠨᠡ ᠦᠶᠡᠰ ᠪᠢ ᠡᠨᠡ ᠦᠭᠡᠨ ᠤ | ᠴᠢᠬᠤᠯᠡ ᠴᠢᠨᠠᠷ ᠢ ᠨᠡᠩ ᠰᠡᠷᠡᠵᠤ ᠭᠤᠶᠢᠷᠠᠨᠴᠢ ᠡᠮᠡᠭᠲᠡᠢ ᠲᠠᠢ ᠶᠠᠷᠢᠯᠴᠠᠭᠰᠡᠨ ᠴᠤ ᠭᠡᠳ ᠶᠠᠭᠠᠬᠢᠭᠰᠡᠨ ᠴᠤ | ᠳᠦᠭᠦᠮᠴᠢᠯᠡᠵᠤ ᠪᠤᠯᠬᠤ ᠦᠭᠡᠢ ᠭᠡᠳᠡᠭ ᠢ ᠮᠡᠳᠡᠵᠡᠢ᠃ ᠬᠡᠪᠡᠴᠤ ᠮᠢᠨᠦ ᠲᠤᠲᠤᠷ᠎ᠠ ᠶᠡᠷᠦ ᠲᠠᠶᠢᠪᠤᠩ ᠪᠤᠰᠤ ᠪᠠᠶᠢᠯ᠎ᠠ᠃ | ᠨᠢᠭᠡ ᠦᠨᠵᠢᠴᠢᠭᠡᠭᠰᠡᠨ ᠪᠠᠶᠢᠲᠠᠯ᠎ᠠ ᠪᠠᠨ ᠮᠦᠨ ᠯᠡ ᠴᠠᠭ ᠢᠮᠠᠭᠲᠡ ᠪᠤᠳᠤᠭᠳᠠᠭᠠᠳ ᠪᠠᠶᠢᠪᠠ᠃ ᠶᠠᠭ ᠶᠠᠮᠠᠷ ᠨᠢᠭᠡᠨ | ᠵᠤᠯ ᠪᠤᠰᠤ ᠰᠤᠪᠢᠩ ᠡᠪᠦᠷᠲᠦᠯᠡᠭᠳᠡᠭᠰᠡᠨ ᠰᠢᠭ᠂ ᠪᠦᠪ ᠪᠦᠷᠭᠦᠭ ᠴᠠᠰᠤ ᠲᠠᠢ ᠡᠳᠦᠷ᠂ ᠬᠢᠳᠡᠯ ᠠᠯᠳᠠᠭᠰᠡᠨ ᠪᠢᠴᠢᠭ | ᠤᠨ ᠦᠷᠦᠭᠡᠨ ᠳᠤ᠂ ᠡᠨᠡ ᠲᠠᠶᠢᠪᠤᠭᠤ ᠪᠤᠰᠤ ᠲᠦᠷᠦᠭᠳᠡᠯ ᠤᠯᠠᠮ ᠨᠡᠮᠡᠭᠳᠡᠵᠡᠢ᠃ ᠬᠠᠰᠢ ᠯᠡ ᠶᠠᠪᠤᠵᠤ ᠤᠳᠬᠤ ᠶᠢ | ᠬᠦᠷᠬᠦ ᠦᠭᠡᠢ᠂ ᠮᠠᠷᠭᠠᠰᠢ ᠬᠤᠲᠠ ᠤᠷᠤᠶᠡ᠃ ᠹᠦᠰᠢᠩ ᠠᠰᠠᠷ ᠤᠨ ᠵᠢᠭᠠᠰᠤᠨ ᠰᠡᠷᠪᠡᠭᠡᠨ ᠤ ᠴᠤᠯᠭᠤᠢ ᠴᠢᠨᠠᠯᠭᠠ᠂ | ᠨᠢᠭᠡ ᠲᠦᠭᠦᠷᠢᠭ ② ᠲᠤ ᠪᠠᠨ ᠨᠢᠭᠡ ᠫᠢᠯᠡ᠂ ᠬᠢᠮᠲᠡ ᠮᠦᠷᠲᠡᠭᠡᠨ ᠠᠮᠲᠠ ᠲᠠᠢ᠂ ᠤᠳᠤ ᠦᠨ᠎ᠡ ᠨᠢ ᠴᠤᠬᠤᠮ | ᠦᠰᠦᠭᠰᠡᠨ ᠡᠰᠡ ᠬᠦ ᠶᠢ ᠦᠯᠦ ᠮᠡᠳᠡᠨ᠎ᠡ᠃ ᠤᠷᠢᠳᠤᠬᠢ ᠬᠠᠮᠲᠤ ᠪᠠᠷ ᠲᠤᠭᠤᠷᠢᠵᠤ ᠪᠠᠶᠢᠭᠰᠡᠨ ᠨᠠᠶᠢᠵᠢ ᠨᠠᠷ ᠮᠢᠨᠢ | ᠬᠡᠳᠦᠢ ᠪᠠᠷ ᠡᠭᠦᠯᠡᠰ ᠰᠢᠭ ᠰᠠᠷᠨᠢᠵᠤ ᠡᠴᠢᠭᠰᠡᠨ ᠪᠤᠯᠪᠠᠴᠤ ᠵᠢᠭᠠᠰᠤᠨ ᠰᠡᠷᠪᠡᠭᠡ ᠶᠢ ᠪᠤᠯ ᠬᠠᠷᠢᠨ ᠢᠳᠡᠬᠦ ᠦᠭᠡᠢ | ᠪᠠᠶᠢᠵᠤ ᠦᠯᠦ ᠪᠤᠯᠤᠨ᠎ᠠ᠂ ᠪᠢ ᠭᠠᠭᠴᠠ ᠪᠠᠷ ᠢᠶᠠᠨ ᠪᠠᠶᠢᠭᠰᠡᠨ ᠴᠤ ᠶᠠᠭᠠᠬᠢᠨ᠎ᠠ ᠪᠤᠢ ᠁᠃ | ᠶᠠᠮᠠᠷ ᠪᠠᠶᠢᠯ᠎ᠡ ᠴᠤ ᠭᠡᠳ ᠪᠢ ᠮᠠᠷᠭᠠᠰᠢ ᠶᠠᠪᠤᠬᠤ ᠪᠠᠷ ᠰᠢᠢᠳᠤᠯᠡ᠃ ᠲᠦᠰᠦᠭᠡᠯᠡᠵᠤ ᠪᠠᠶᠢᠭᠰᠡᠨ ᠢᠶᠠᠷ | ᠪᠢᠲᠡᠭᠡᠢ ᠪᠤᠯᠤᠭᠠᠰᠠᠢ᠂ ᠲᠦᠰᠦᠭᠡᠯᠡᠵᠤ ᠪᠠᠶᠢᠭᠰᠡᠨ ᠢᠶᠠᠷ ᠪᠤᠯᠴᠢᠬᠠᠳᠠᠭ ᠯᠡ ᠪᠢᠰᠢ ᠳ᠋ᠠ ᠭᠡᠵᠤ ᠪᠤᠳᠤᠵᠤ ᠪᠠᠶᠢᠭᠰᠡᠨ | ᠶᠠᠪᠤᠳᠠᠯ ᠤᠳᠠᠭ᠎ᠠ ᠪᠤᠯᠭᠠᠨ ᠬᠠᠷᠢᠨ ᠲᠦᠰᠦᠭᠡᠯᠡᠵᠤ ᠪᠠᠶᠢᠭᠰᠡᠨ ᠢᠶᠠᠷ ᠪᠤᠯᠴᠢᠬᠠᠳᠠᠭ ᠦᠷᠭᠦᠯᠵᠢ ᠳᠤᠬᠢᠶᠠᠯᠳᠤᠳᠠᠭ | ᠪᠤᠯᠬᠤᠷ ᠡᠨᠡ ᠶᠠᠪᠤᠳᠠᠯ ᠢ ᠴᠦ ᠢᠩᠬᠢᠭᠦᠵᠠᠢ ᠬᠡᠮᠡᠨ ᠪᠢ ᠮᠠᠰᠢ ᠡᠮᠢᠶᠠᠯᠡ᠃ ᠲᠡᠭᠡᠲᠡᠯ᠎ᠡ ᠤᠨᠴᠠᠭᠠᠢ ᠪᠠᠶᠢᠳᠠᠯ ᠡᠭᠦᠰᠴᠤ | ᠡᠬᠢᠯᠡᠯ᠎ᠡ᠃ ᠦᠳᠡᠰᠢ᠂ ᠲᠤᠲᠤᠷ᠎ᠠ ᠦᠷᠭᠦᠭᠡᠨ ᠳᠤ ᠬᠡᠰᠡᠭ ᠬᠦᠮᠦᠰ ᠴᠤᠭᠯᠠᠷᠠᠵᠤ ᠶᠠᠮᠠᠷ ᠨᠢᠭᠡ ᠬᠡᠷᠡᠭ ᠤᠨ ᠲᠤᠬᠠᠢ | ᠰᠢᠭᠦᠮᠵᠢᠯᠡᠯᠴᠠᠵᠤ ᠪᠠᠶᠢᠭ᠎ᠠ ᠰᠢᠭ᠋ ᠰᠤᠨᠤᠰᠳᠡᠯᠠ᠃ ᠭᠡᠪᠡᠴᠤ ᠳᠡᠮᠡᠢ ᠤᠳᠠᠯ ᠦᠭᠡᠢ ᠶᠠᠷᠢᠯᠴᠠᠭ᠎ᠠ ᠲᠠᠰᠤᠯᠳᠠᠵᠤ ᠭᠠᠭᠴᠡ | ᠳᠦᠷᠪᠡᠳᠦᠭᠡᠷ ᠠᠪᠠᠭ᠎ᠠ ᠶᠢᠨ ᠠᠯᠬᠤᠯᠠᠭᠰᠠᠭᠠᠷ ᠦᠨᠳᠦᠷ ᠳᠠᠭᠤᠨ ᠢᠶᠠᠷ᠄ ︽ᠡᠷᠲᠡ ᠦᠭᠡᠢ ᠤᠷᠤᠢ ᠦᠭᠡᠢ ᠬᠠᠷᠢᠨ | ᠶᠠᠭ ᠡᠨᠡ ᠦᠶᠡᠰ ᠲᠤ — ᠡᠭᠦᠨ ᠢᠶᠠᠷ ᠦᠵᠡᠪᠡᠯ ᠶᠤᠰᠤᠲᠠᠢ ᠨᠢᠭᠡ ᠲᠡᠷᠰ ᠠᠮᠢᠲᠡᠨ ᠳ᠋ᠠ︕︾ ᠭᠡᠵᠤ ᠬᠡᠯᠡᠬᠦ | ᠰᠤᠨᠤᠰᠳᠠᠯ᠎ᠠ᠃ ᠪᠢ ᠡᠬᠢᠨ ᠳᠤ ᠪᠠᠨ ᠭᠠᠶᠢᠬᠠᠰᠢ ᠲᠦᠷᠦᠵᠤ ᠪᠠᠶᠢᠭᠰᠡᠨ ᠢᠶᠠᠨ ᠡᠨᠡ ᠦᠭᠡ ᠶᠢ ᠨᠠᠳᠠ ᠲᠠᠢ | ᠬᠤᠯᠪᠤᠭᠳᠠᠮᠠᠷ ᠰᠢᠭ᠋ ᠭᠡᠵᠤ ᠰᠠᠨᠠᠩᠭᠤᠲᠡ ᠲᠤᠲᠤᠷ᠎ᠠ ᠲᠤᠩ ᠠᠮᠤᠷ ᠦᠭᠡᠢ ᠪᠤᠯᠤᠯ᠎ᠠ᠃ ᠬᠠᠭᠠᠯᠭᠠᠨ ᠤ ᠭᠠᠳᠠᠨᠠᠬᠢ ᠶᠢ | ᠪᠠᠷᠠᠯᠠᠪᠠᠯ ᠬᠡᠨ ᠴᠤ ᠠᠯᠠᠭ᠎ᠠ᠃ ᠠᠷᠠᠢ ᠭᠡᠵᠤ ᠤᠷᠤᠢ ᠶᠢᠨ ᠬᠤᠭᠤᠯᠠᠨ ᠤ ᠡᠮᠦᠨ᠎ᠠ ᠤᠬᠤᠷ ᠬᠦᠴᠦ ᠴᠠᠢ ᠴᠢᠢᠯᠡᠬᠦ ᠪᠠᠷ | ᠢᠷᠡᠭᠰᠡᠨ ᠳᠤ ᠪᠢ ᠰᠠᠶ᠋ᠢ ᠰᠤᠷᠠᠭᠯᠠᠬᠤ ᠵᠠᠪᠰᠢᠶᠠᠨ ᠤᠯᠵᠠᠢ᠃︽ᠰᠠᠶ᠋ᠢᠬᠠᠨ ᠳᠦᠷᠪᠡᠳᠦᠭᠡᠷ ᠠᠪᠠᠭ᠎ᠠ ᠬᠡᠨ ᠳᠤ | ᠠᠭᠤᠷᠯᠠᠭᠰᠡᠨ ᠪᠤᠢ︖︾ ᠭᠡᠵᠤ ᠪᠢ ᠠᠰᠠᠭᠤᠯᠡ᠃︽ᠰᠢᠶᠠᠩ ᠯᠢᠨ ᠪᠡᠷᠭᠡᠨ ᠠᠴᠠ ᠤᠨᠳᠤᠤ ᠬᠡᠨ ᠪᠠᠶᠢᠬᠤ ᠪᠤᠢ︖︾ | ᠭᠡᠵᠤ ᠬᠦᠴᠦᠨ ᠤ ᠬᠦᠮᠦᠨ ᠳᠦᠭᠦᠮᠭᠡᠨ ᠬᠠᠷᠢᠭᠤᠯᠪᠠ᠃ ︽ᠰᠢᠶᠠᠩ ᠯᠢᠨ ᠪᠡᠷᠭᠡᠨ ᠡ︖ᠶᠠᠭᠠᠬᠢᠴᠢᠬᠠᠪᠠ︖︾ | ᠭᠡᠵᠤ ᠪᠢ ᠠᠮᠵᠢᠭᠤᠯᠠᠨ ᠠᠰᠠᠭᠤᠵᠤ ᠭᠠᠷᠤᠯ᠎ᠡ᠃ ︽ᠦᠬᠦᠴᠢᠭᠡᠵᠡᠢ᠃︾ ︽ᠦᠬᠦᠴᠢᠭᠡᠵᠡᠢ ᠡ︖︾ ᠮᠢᠨᠦ ᠵᠢᠷᠦᠭᠡ | ᠭᠡᠨᠡᠳᠲᠡ ᠠᠳᠬᠤᠷᠠᠵᠤ᠂ ᠪᠢ ᠪᠠᠷᠤᠭ ᠦᠰᠦᠷᠴᠤ ᠪᠤᠰᠬᠤ ᠠᠯᠳᠠᠨ ᠴᠢᠷᠠᠢ ᠴᠤ ᠪᠠᠷᠤᠭ ᠦᠩᠭᠡ ᠬᠤᠪᠢᠷᠠᠵᠠᠢ᠃ | ᠬᠡᠪᠡᠴᠤ ᠲᠡᠷᠡ ᠶᠡᠷᠦ ᠲᠤᠯᠤᠭᠠᠢ ᠦᠨᠳᠡᠶᠢᠭᠰᠡᠨ ᠦᠭᠡᠢ ᠪᠤᠯᠬᠤᠷ ᠤᠭᠲᠤ ᠮᠡᠳᠡᠭᠰᠡᠨ ᠦᠭᠡᠢ᠃ ᠢᠩᠬᠢᠭᠡᠳ ᠪᠢ | ᠰᠡᠳᠬᠢᠯ ᠢᠶᠠᠨ ᠲᠤᠭᠲᠠᠭᠠᠵᠤ ᠵᠠᠯᠭᠠᠭᠠᠳ᠄ ︽ᠬᠡᠵᠢᠶ᠎ᠡ ᠦᠬᠦᠭᠰᠡᠨ ᠪᠤᠢ︖︾ ︽ᠬᠡᠵᠢᠶ᠎ᠡ ᠡ︖ — | ᠦᠴᠦᠭᠡᠳᠦᠷ ᠰᠦᠨᠢ᠂ ᠡᠰᠡᠭᠦᠯ᠎ᠡ ᠦᠨᠦᠳᠦᠷ ᠪᠠ᠃ ᠪᠢ ᠲᠤᠲᠤᠷᠬᠠᠢ ᠬᠡᠯᠡᠵᠤ ᠬᠦᠴᠦᠷᠡᠬᠦ ᠦᠭᠡᠢ᠃︾ ︽ᠶᠠᠭᠠᠬᠢᠵᠤ | ᠦᠭᠦᠭᠰᠡᠨ ᠪᠤᠢ︖︾ ︽ᠶᠠᠭᠠᠬᠢᠤ ᠡ︖ — ᠶᠠᠳᠠᠭᠤᠷᠠᠵᠤ ᠦᠭᠦᠭᠰᠡᠨ ᠯᠡ ᠪᠢᠵᠡ ᠳ᠋ᠠ︖︾ ᠭᠡᠵᠤ ᠲᠡᠷᠡ | ᠬᠡᠨᠡᠭ ᠴᠤ ᠦᠭᠡᠢ ᠬᠠᠷᠢᠭᠤᠯᠵᠤ ᠮᠦᠨ ᠯᠡ ᠨᠡᠮᠡ ᠶᠢ ᠦᠨᠳᠡᠶᠢᠵᠤ ᠬᠠᠷᠠᠯ ᠦᠭᠡᠢ ᠭᠠᠷᠴᠤ ᠤᠳᠪᠠ᠃ ᠬᠡᠲᠡᠯ᠎ᠡ | ᠮᠢᠨᠦ ᠭᠡᠯᠮᠡᠭᠳᠡᠯ ᠬᠠᠷᠢᠨ ᠵᠠᠭᠤᠷᠠᠬᠠᠨ ᠤ ᠬᠡᠷᠡᠭ ᠳᠡᠳᠦᠢ ᠯᠡ ᠪᠤᠯᠤᠭᠠᠳ ᠡᠭᠦᠰᠦᠮᠡᠷ ᠪᠠᠶᠢᠭᠰᠡᠨ ᠶᠠᠪᠤᠳᠠᠯ ᠦᠩᠭᠡᠷᠡᠵᠤ | ᠤᠳᠤᠨ ᠮᠢᠨᠦ ᠦᠪᠡᠷ ᠤᠨ ︽ᠲᠤᠲᠤᠷᠬᠠᠢ ᠬᠡᠯᠡᠵᠤ ᠬᠦᠴᠦᠷᠡᠬᠦ ᠦᠭᠡᠢ︾ ᠭᠡᠳᠡᠭ ᠪᠠ ᠲᠡᠭᠦᠨ ᠤ ︽ᠶᠠᠳᠠᠭᠤᠷᠠᠵᠤ | ᠦᠭᠦᠭᠰᠡᠨ︾ ᠬᠡᠮᠡᠭᠴᠢ ᠳᠠᠶᠢᠳᠬᠤᠷᠠᠭᠤᠯᠤᠯ ᠳᠤ ᠨᠠᠶᠢᠳᠠᠮᠠᠷ ᠴᠢᠬᠤᠯᠡ ᠦᠭᠡᠢ ᠪᠤᠯᠤᠭᠰᠡᠨ ᠳᠤ ᠲᠤᠲᠤᠷ᠎ᠠ ᠠᠭᠠᠵᠢᠮ | ᠢᠶᠠᠷ ᠬᠦᠩᠭᠡᠷᠡᠵᠤ ᠲᠠᠯᠪᠢᠭᠤᠷᠠᠪᠠ᠃ ᠬᠡᠪᠡᠴᠤ ᠬᠡᠨᠡᠳᠲᠡ ᠪᠠᠰᠡ ᠪᠠᠭ᠋ᠠᠨ ᠭᠡᠮᠰᠢᠯ ᠲᠦᠷᠦᠬᠦ ᠰᠢᠤᠬᠠᠨ ᠪᠠᠶᠢᠯ᠎ᠠ᠃ | ᠤᠷᠤᠢ ᠶᠢᠨ ᠬᠤᠭᠤᠯᠡ ᠦᠷᠦᠭᠳᠡᠵᠤ᠂ ᠳᠦᠷᠪᠡᠳᠦᠭᠡᠷ ᠠᠪᠠᠭ᠎ᠠ ᠲᠦᠪ ᠴᠢᠷᠠᠶᠢᠯᠠᠨ ᠪᠠᠷ᠎ᠠ ᠪᠤᠯᠵᠤ ᠰᠠᠭᠤᠨ᠎ᠠ᠃ | ᠪᠢ ᠮᠦᠨ ᠰᠢᠶᠠᠩ ᠯᠢᠨ ᠪᠡᠷᠭᠡᠨ ᠤ ᠲᠤᠬᠠᠢ ᠪᠠᠭ᠋ᠠᠨ ᠰᠤᠷᠠᠭ ᠰᠤᠨᠤᠰᠬᠤ ᠬᠦᠰᠡᠯ ᠲᠠᠢ ᠪᠠᠶᠢᠵᠠᠢ᠃ ᠬᠡᠪᠡᠴᠤ | ᠲᠡᠷᠡ ︽ᠴᠢᠳᠭᠦᠷ ᠰᠠᠬᠢᠭᠤᠯᠰᠤᠨ ᠬᠡᠮᠡᠭᠴᠢ ᠬᠤᠶᠠᠷ ᠬᠡᠢ ᠶᠢᠨ ᠰᠠᠶᠢᠨ ᠡᠨᠧᠷᠬᠢ ᠪᠤᠯᠠᠢ︾ ᠭᠡᠳᠡᠭ ᠢ ᠤᠩᠰᠢᠵᠤ | ᠦᠩᠭᠡᠷᠡᠭᠰᠡᠨ ᠪᠤᠯᠪᠠᠴᠤ ᠲᠡᠭᠦᠨ ᠳᠤ ᠮᠦᠨ ᠲᠤᠩ ᠤᠯᠠᠨ ᠴᠡᠭᠡᠷ ᠲᠠᠢ ᠪᠠᠶᠢᠵᠤ ᠳᠠᠭᠠᠳᠬᠠᠯ ᠤᠶᠢᠷᠠᠳᠤᠭᠰᠡᠨ ᠦᠶ᠎ᠡ | ᠪᠠᠷ ᠦᠬᠦᠯ ᠮᠦᠬᠦᠯ ᠡᠪᠡᠳᠴᠢᠨ ᠳᠠᠬᠤᠯ ᠮᠡᠲᠤᠰ ᠢ ᠶᠠᠭᠠᠬᠢᠭᠰᠡᠨ ᠴᠤ ᠳᠤᠷᠠᠳᠴᠤ ᠪᠤᠯᠬᠤ ᠦᠭᠡᠢ᠂ ᠬᠠᠷᠢᠨ ᠠᠷᠭ᠎ᠠ | ᠪᠤᠰᠤ ᠪᠠᠶᠢᠳᠠᠯ ᠳᠤ ᠨᠢᠭᠡᠨ ᠵᠦᠢᠯ ᠤᠨ ᠪᠢᠲᠡᠭᠦᠦ ᠦᠭᠡ ᠪᠠᠷ ᠤᠷᠤᠯᠠᠭᠤᠯᠬᠤ ᠬᠡᠷᠡᠭᠲᠡᠢ ᠭᠡᠳᠡᠭ ᠢ ᠮᠡᠳᠡᠪᠡᠴᠤ᠂ | ᠬᠠᠷᠠᠮᠰᠠᠯᠲᠡᠢ ᠨᠢ ᠪᠢ ᠦᠨᠦᠬᠢ ᠦᠭᠡ ᠨᠦᠭᠦᠳ ᠢ ᠮᠡᠳᠡᠳᠡᠭ ᠦᠭᠡᠢ ᠲᠤᠯᠡ ᠤᠯᠠᠨ ᠳᠠᠬᠢᠨ ᠭᠤᠷᠢᠯᠠᠭᠰᠡᠨ ᠪᠤᠯᠪᠠᠴᠤ | ᠡᠴᠦᠰ ᠲᠤ ᠪᠠᠨ ᠬᠠᠰᠢ ᠯᠡ ᠰᠠᠨᠠᠭ᠎ᠠ ᠪᠠᠨ ᠬᠤᠷᠢᠶᠠᠯ᠎ᠠ᠃ ᠪᠢ ᠬᠡᠨᠡᠳᠲᠡ ᠲᠡᠭᠦᠨ ᠤ ᠲᠦᠪᠯᠡᠭᠦᠨ ᠴᠢᠷᠠᠢ ᠳᠡᠭᠡᠷ᠎ᠡ | ᠠᠴᠠ ᠲᠡᠭᠦᠨ ᠢ ᠨᠠᠮ᠎ᠡ ᠶᠢ ᠡᠷᠲᠡ ᠦᠭᠡᠢ ᠤᠷᠤᠢ ᠦᠭᠡᠢ ᠶᠠᠭ ᠡᠨᠡ ᠦᠶ᠎ᠡ ᠪᠠᠷ ᠢᠷᠡᠵᠤ ᠲᠡᠭᠦᠨ ᠢ ᠵᠤᠪᠠᠭᠠᠵᠤ | ᠪᠠᠶᠢᠭ᠎ᠠ ᠴᠢᠨᠢ ᠮᠦᠨ ᠴᠤ ᠨᠢᠭᠡ ᠵᠦᠢᠯ ᠤᠨ ᠲᠡᠷᠰ ᠠᠮᠢᠲᠡᠨ ᠰᠠᠨ ᠭᠡᠵᠤ ᠪᠤᠳᠤᠵᠤ ᠪᠠᠶᠢᠯᠭᠤᠢ ᠭᠡᠵᠤ ᠰᠡᠵᠢᠭ | ᠲᠦᠷᠦᠭᠡᠳ᠂ ᠮᠠᠷᠭᠠᠰᠢ ᠳᠤ ᠪᠠᠨ ᠯᠤ᠋ ᠪᠠᠯᠭᠠᠰᠤᠨ ᠠᠴᠠ ᠰᠠᠯᠵᠤ ᠬᠤᠲᠠ ᠤᠷᠤᠨ᠎ᠠ ᠭᠡᠵᠤ ᠳᠠᠷᠤᠶᠢᠬᠠᠨ ᠬᠡᠯᠡᠵᠤ | ᠲᠡᠭᠦᠨ ᠤ ᠰᠡᠳᠬᠢᠯ ᠢ ᠡᠷᠲᠡᠬᠡᠨ ᠲᠠᠶᠢᠪᠤᠰᠢᠷᠠᠭᠤᠯᠵᠤ ᠲᠠᠯᠪᠢᠯ᠎ᠠ᠃ ᠲᠡᠷᠡ ᠴᠤ ᠨᠠᠮ᠎ᠡ ᠶᠢ ᠰᠠᠭᠤᠵᠤ ᠪᠠᠢ ᠭᠡᠵᠤ ᠳᠡᠮᠡᠢ | ᠱᠠᠯᠠᠭᠰᠡᠨ ᠦᠭᠡᠢ᠃ ᠨᠢᠭᠡ ᠴᠠᠭ ᠤᠨ ᠬᠤᠭᠤᠯᠡ ᠶᠢ ᠢᠩᠬᠢᠵᠤ ᠬᠦᠷ ᠨᠠᠶᠢᠷ ᠦᠭᠡᠢ ᠢᠳᠡᠵᠤ ᠭᠠᠷᠴᠠᠢ᠃ ᠡᠪᠤᠯ | ᠤᠨ ᠡᠳᠦᠷ ᠪᠤᠭᠤᠨᠢᠬᠠᠨ᠂ ᠲᠡᠭᠡᠭᠡᠳ ᠪᠠᠰᠡ ᠴᠠᠰᠤᠲᠠᠢ ᠪᠤᠯᠬᠤᠷ᠂ ᠦᠳᠡᠰᠢ ᠶᠢᠨ ᠪᠦᠷᠦᠢ ᠬᠡᠵᠢᠶᠠᠨ ᠤ ᠪᠦᠬᠦ | ᠪᠠᠯᠭᠠᠰᠤ ᠶᠢ ᠪᠦᠷᠬᠦᠵᠠᠢ᠃ ᠬᠦᠮᠦᠰ ᠪᠦᠷ ᠳ᠋ᠧᠩ ᠤᠨ ᠳᠤᠤᠷ᠎ᠠ ᠮᠤᠩᠭᠠᠨᠢᠪᠠᠴᠤ ᠴᠤᠩᠬᠤᠨ ᠭᠠᠳᠠᠨ᠎ᠠ ᠬᠠᠷᠢᠨ ᠲᠤᠩ | ᠨᠠᠮᠵᠢᠭᠤᠨ ᠪᠠᠶᠢᠯ᠎ᠠ᠃ ᠵᠤᠪ ᠵᠤᠵᠠᠭᠠᠨ ᠬᠤᠷᠠᠭᠰᠡᠨ ᠴᠠᠰᠤᠨ ᠳᠡᠪᠢᠰᠭᠡᠷ ᠳᠡᠭᠡᠷ᠎ᠡ ᠴᠠᠰᠤ ᠯᠠᠪᠰᠠᠯᠠᠨ ᠪᠠᠭᠤᠬᠤ ᠳᠤ | ᠱᠠᠷᠴᠢᠬᠢᠨᠠᠬᠤ ᠰᠢᠭ᠋ ᠳᠤᠭᠤᠯᠳᠠᠬᠤᠯᠠᠷ ᠬᠦᠮᠦᠰ ᠲᠤ ᠤᠯᠠᠮ ᠤᠶᠢᠳᠬᠠᠷᠯᠢᠭ ᠨᠠᠮᠵᠢᠭᠤᠨ ᠰᠠᠨᠠᠭᠳᠠᠭᠤᠯᠤᠨ᠎ᠠ᠃ | ᠪᠢ ᠰᠢᠷᠠᠩᠭᠤᠢ ᠬᠡᠷᠡᠯ ᠰᠠᠴᠤᠷᠠᠭᠤᠯᠤᠭᠰᠡᠨ ᠯᠤᠤᠯᠢᠨ ᠲᠤᠰᠤᠨ ᠳ᠋ᠧᠩ ᠤᠨ ᠳᠡᠷᠭᠡᠳᠡ ᠭᠠᠭᠴᠡ ᠪᠠᠷ | ᠰᠠᠭᠤᠵᠤ᠂ ᠬᠦᠮᠦᠰ ᠲᠤ ᠲᠤᠭᠤᠰᠤ ᠰᠢᠷᠠᠯᠵᠢ ᠶᠢᠨ ᠤᠪᠤᠭᠠᠨ ᠳᠤ ᠬᠠᠶᠠᠭᠳᠠᠭᠰᠡᠨ᠂ ᠬᠠᠷᠠᠭᠰᠠᠭᠠᠷ ᠪᠠᠶᠢᠭᠠᠳ | ᠤᠯᠢᠭ ᠠᠯᠳᠠᠭᠤᠯᠤᠭᠰᠡᠨ ᠬᠠᠭᠤᠴᠢᠨ ᠲᠤᠭᠯᠠᠭᠠᠮ ᠤᠨ ᠡᠳ᠋᠂ ᠤᠷᠢᠳ ᠲᠤ ᠪᠠᠨ ᠪᠠᠰᠡ ᠲᠤᠭᠤᠰᠤ ᠰᠢᠷᠠᠯᠵᠢᠨ ᠳᠤ | ᠳᠦᠷᠢ ᠳᠦᠷᠬᠦ ᠪᠠᠨ ᠢᠯᠡᠷᠡᠭᠦᠯᠦᠭᠡᠳ ᠰᠤᠨᠢ ᠲᠠᠢ ᠠᠮᠢᠳᠤᠷᠠᠭᠰᠡᠳ ᠤᠨ ᠨᠢᠳᠦᠨ ᠳᠤ ᠶᠠᠭᠤᠨ ᠳᠤ ᠪᠠᠰᠡ ᠲᠡᠭᠡᠵᠤ | ᠠᠮᠢᠳᠤᠷᠠᠭᠠᠳ ᠪᠠᠶᠢᠳᠠᠭ ᠪᠤᠢ ᠭᠡᠵᠤ ᠭᠠᠶᠢᠬᠠᠭᠳᠠᠵᠤ ᠡᠭᠳᠡᠭᠦᠴᠡᠭᠳᠡᠵᠤ ᠬᠠᠷᠠᠭᠳᠠᠵᠤ ᠪᠠᠶᠢᠭᠰᠡᠨ ᠲᠦᠮᠡᠨ ᠲᠦᠰᠢᠭ | ᠢᠶᠠᠨ ᠠᠯᠳᠠᠭᠰᠡᠨ ᠰᠢᠶᠠᠩ ᠯᠢᠨ ᠪᠡᠷᠭᠡᠨ ᠤᠳᠤ ᠶᠠᠭᠤ ᠴᠤ ᠭᠡᠰᠡᠨ ᠡᠷᠯᠢᠭ ᠤᠨ ᠡᠯᠴᠢ ᠳᠤ ᠴᠡᠪ ᠴᠡᠪᠡᠷ | ᠱᠦᠭᠦᠷᠳᠡᠭᠳᠡᠵᠡᠢ ᠭᠡᠵᠤ ᠪᠤᠳᠤᠯᠭᠠᠰᠢᠷᠠᠯᠠ᠃ ᠰᠦᠭ ᠰᠦᠨᠡᠰᠦ ᠪᠠᠶᠢᠳᠠᠭ ᠡᠰᠡ ᠬᠦ ᠶᠢ ᠪᠢ ᠮᠡᠳᠡᠬᠦ ᠦᠭᠡᠢ᠃ | ᠬᠡᠪᠡᠴᠤ ᠪᠤᠳᠠᠲᠤ ᠶᠢᠷᠲᠢᠨᠴᠤ ᠳᠤ᠂ ᠠᠷᠭᠠᠴᠠᠭ᠎ᠠ ᠦᠭᠡᠢ ᠨᠢ ᠡᠰᠡ ᠠᠮᠢᠳᠤᠷᠠᠵᠤ᠂ ᠦᠵᠡᠨ ᠶᠠᠳᠠᠭᠰᠡᠳ ᠲᠤ ᠦᠯᠦ | ᠬᠠᠷᠠᠭᠳᠠᠪᠠᠯ᠂ ᠬᠡᠨ ᠠᠯᠢᠨ ᠳᠤ ᠪᠠᠨ ᠴᠤ ᠪᠦᠷ ᠳᠡᠭᠡᠷ᠎ᠡ ᠠᠵᠠᠢ᠃ ᠴᠤᠩᠬᠤᠨ ᠭᠠᠳᠠᠨᠠᠬᠢ ᠱᠠᠷᠴᠢᠬᠢᠨᠠᠬᠤ ᠰᠢᠭ᠋ | ᠳᠤᠭᠤᠯᠳᠠᠬᠤ ᠴᠠᠰᠤᠨ ᠴᠠᠴᠡᠭ ᠢ ᠴᠢᠮᠡᠭᠡ ᠦᠭᠡᠢ ᠴᠢᠩᠨᠠᠵᠤ ᠡᠳᠡᠭᠡᠷ ᠢ ᠪᠤᠳᠤᠯᠬᠢᠯᠠᠵᠤ ᠰᠠᠭᠤᠬᠤ ᠳᠤ ᠭᠡᠳᠡᠷᠬᠦ | ᠬᠠᠷᠢᠨ ᠠᠭᠠᠵᠢᠮ ᠢᠶᠠᠷ ᠠᠭᠤᠵᠢᠷᠠᠵᠤ ᠢᠷᠡᠯ᠎ᠡ᠃ ᠲᠡᠭᠡᠬᠦ ᠳᠤ ᠤᠷᠢᠳᠦᠬᠢ ᠦᠵᠡᠭᠳᠡᠵᠤ ᠰᠤᠨᠤᠰᠳᠡᠵᠤ ᠪᠠᠶᠢᠭᠰᠡᠨ | ᠲᠡᠭᠦᠨ ᠤ ᠬᠠᠭᠠᠰ ᠨᠠᠰᠤᠨ ᠤ ᠦᠢᠯᠡ ᠶᠠᠪᠤᠳᠠᠯ ᠤᠨ ᠲᠠᠰᠤᠷᠬᠠᠢ ᠤᠭᠴᠤᠷᠬᠠᠢ ᠵᠦᠢᠯᠡᠰ ᠤᠳᠤ ᠬᠠᠷᠢᠨ ᠤᠶᠠᠯᠳᠤᠵᠤ | ᠨᠡᠶᠢᠯᠡᠭᠡᠳ ᠨᠢᠭᠡ ᠴᠤᠭᠴᠡ ᠪᠤᠯᠤᠭᠰᠡᠨ ᠪᠠᠶᠢᠯ᠎ᠠ᠃ | |