ᠲᠡᠷᠡ ᠪᠤᠯ ᠯᠤ᠋ ᠪᠠᠯᠭᠠᠰᠤᠨ ᠤ ᠬᠦᠮᠦᠨ ᠪᠢᠰᠢ ᠶᠤᠮ᠃ ᠨᠢᠭᠡ ᠡᠪᠦᠯ ᠤᠨ ᠡᠬᠢ ᠪᠠᠷ ᠳᠦᠷᠪᠡᠳᠦᠭᠡᠷ ᠠᠪᠠᠭ᠎ᠠ | ᠶᠢᠨ ᠬᠢ ᠡᠮᠡᠭᠲᠡᠢ ᠬᠦᠴᠦ ᠰᠤᠯᠢᠬᠤ ᠬᠡᠭᠦᠯᠡᠷ ᠲᠠᠨᠢᠯᠴᠠᠭᠤᠯᠤᠭᠴᠢ ᠪᠤᠯᠳᠠᠭ ᠸᠧᠢ ᠡᠮᠡᠭᠡᠨ ᠲᠡᠭᠦᠨ ᠢ ᠳᠠᠭᠠᠭᠤᠯᠵᠤ | ᠢᠷᠡᠭᠰᠡᠨ ᠪᠠᠶᠢᠪᠠ᠃ ᠭᠡᠵᠢᠭᠡ ᠪᠠᠨ ᠤᠭᠤᠰᠤᠷ ᠢᠶᠠᠷ ᠪᠤᠭᠤᠵᠤ᠂ ᠬᠠᠷ᠎ᠠ ᠬᠤᠷᠮᠤᠶᠢᠪᠴᠢ᠂ ᠬᠦᠭᠡ ᠤᠯᠤᠨᠳᠠᠢ᠂ | ᠰᠠᠷᠠᠨ ᠴᠠᠭᠠᠨ ᠤᠤᠵᠢ ᠡᠮᠦᠰᠦᠭᠰᠡᠨ᠂ ᠬᠤᠷᠢᠨ ᠵᠢᠷᠭᠤᠭ᠎ᠠ ᠳᠤᠯᠤᠭ᠎ᠠ ᠤᠷᠴᠢᠮ ᠨᠠᠰᠤ ᠲᠠᠢ ᠡᠮᠡᠭᠲᠡᠢ ᠪᠠᠶᠢᠯ᠎ᠠ᠃ | ᠴᠢᠷᠠᠢ ᠨᠢ ᠴᠢᠯᠳᠠᠩ ᠰᠢᠷᠠᠩᠭᠤᠢ ᠪᠤᠯᠪᠠᠴᠤ ᠦᠨᠳᠡᠭᠡᠨ ᠬᠠᠴᠠᠷ ᠨᠢ ᠮᠦᠨ ᠯᠡ ᠤᠯᠠᠭᠠᠨ ᠬᠠᠷᠠᠭᠳᠠᠨ᠎ᠠ᠃ ᠸᠧᠢ | ᠡᠮᠡᠭᠡᠨ ᠲᠡᠭᠦᠨ ᠢ ᠰᠢᠶᠠᠩ ᠯᠢᠨ ᠪᠡᠷᠭᠡᠨ ᠭᠡᠵᠤ ᠳᠠᠭᠤᠳᠠᠬᠤ ᠪᠦᠭᠡᠳ ᠲᠡᠭᠦᠨ ᠢ ᠳᠦᠷᠭᠦᠮ ᠤᠨ ᠢᠶᠠᠨ ᠰᠠᠭᠠᠬᠠᠯᠲᠡ᠂ | ᠡᠵᠡᠭᠲᠡᠢ ᠨᠢ ᠦᠭᠦᠴᠢᠭᠡᠭᠰᠡᠨ ᠲᠤᠯᠡ ᠬᠦᠴᠦ ᠶᠠᠪᠤᠬᠤ ᠪᠠᠷ ᠭᠠᠷᠴᠤ ᠢᠷᠡᠯ᠎ᠡ ᠭᠡᠵᠡᠢ᠃ ᠳᠦᠷᠪᠡᠳᠦᠭᠡᠷ ᠠᠪᠠᠭ᠎ᠠ | ᠬᠦᠮᠦᠰᠭᠡ ᠠᠲᠤᠷᠢᠭᠤᠯᠤᠯᠡ᠃ ᠪᠡᠯᠪᠡᠰᠦᠨ ᠡᠭᠡᠨᠡᠷ ᠭᠡᠵᠤ ᠵᠢᠭ᠍ᠰᠢᠵᠤ ᠪᠠᠶᠢᠭ᠎ᠠ ᠶᠢ ᠨᠢ ᠳᠦᠷᠪᠡᠳᠦᠭᠡᠷ ᠠᠪᠠᠭ᠎ᠠ ᠡᠵᠢ | ᠭᠠᠳᠠᠷᠯᠠᠵᠠᠢ᠃ ᠬᠡᠪᠡᠴᠤ ᠪᠠᠶᠢᠳᠠᠯ ᠢ ᠠᠵᠢᠪᠠᠯ ᠳᠠᠪᠠᠭᠤ ᠲᠦᠯᠦᠪᠲᠡᠢ ᠲᠦᠷᠦᠭᠰᠡᠨ ᠪᠦᠭᠡᠳ ᠬᠦᠯ ᠭᠠᠷ ᠨᠢ ᠬᠦᠳᠡᠷ | ᠳᠡᠭᠡᠷ᠎ᠡ ᠪᠠᠨ ᠨᠢᠳᠦᠨ ᠳᠤ ᠳᠤᠯᠠᠭᠠᠬᠠᠨ᠂ ᠨᠢᠭᠡ ᠴᠤ ᠳᠤᠤᠭᠠᠷᠬᠤ ᠦᠭᠡᠢ᠂ ᠬᠡᠪ ᠢᠶᠠᠨ ᠰᠠᠬᠢᠵᠤ ᠬᠠᠯᠡ ᠳᠠᠭᠠᠭᠠᠳᠠᠭ | ᠬᠦᠮᠦᠨ ᠤ ᠰᠢᠨᠵᠢ ᠲᠠᠢ ᠬᠠᠷᠠᠭᠳᠠᠭᠰᠡᠨ ᠪᠤᠯᠬᠤᠷ ᠳᠦᠷᠪᠡᠳᠦᠭᠡᠷ ᠠᠪᠠᠭ᠎ᠠ ᠶᠢᠨ ᠬᠦᠮᠦᠰᠭᠡ ᠠᠲᠤᠷᠢᠭᠤᠯᠬᠤ ᠶᠢ | ᠬᠠᠮᠢᠶᠠᠷᠤᠯ ᠦᠭᠡᠢ ᠲᠡᠭᠦᠨ ᠢ ᠦᠯᠡᠳᠡᠭᠡᠵᠡᠢ᠃ ᠲᠤᠷᠰᠢᠵᠤ ᠵᠠᠷᠤᠬᠤ ᠬᠤᠭᠤᠴᠠᠭᠠᠨ ᠳᠤ ᠲᠡᠷᠡ ᠵᠦᠭᠡᠷ ᠰᠠᠭᠤᠪᠠᠯ | ᠤᠶᠢᠳᠳᠠᠭ ᠰᠢᠭ᠋ ᠡᠳᠦᠷᠵᠢᠨ ᠪᠤᠷᠪᠢ ᠪᠤᠬᠢᠰᠬᠢᠯ ᠦᠭᠡᠢ ᠠᠵᠢᠯᠯᠠᠵᠤ ᠭᠠᠷᠤᠭᠰᠡᠨ ᠪᠦᠭᠡᠳ ᠬᠦᠴᠦ ᠲᠠᠮᠢᠷ ᠲᠠᠢ᠂ | ᠨᠢᠭᠡ ᠡᠷᠡᠭᠲᠡᠢ ᠬᠦᠮᠦᠨ ᠠᠴᠠ ᠳᠠᠪᠠᠭ᠋ᠤ ᠲᠤᠯᠡ ᠭᠤᠷᠪᠠᠳᠡᠬᠢ ᠡᠲᠦᠷ ᠲᠤ ᠪᠠᠨ ᠳᠠᠷᠤᠢ ᠲᠤᠬᠢᠷᠠᠵᠤ ᠰᠠᠷ᠎ᠠ ᠳᠤ ᠪᠠᠨ | ᠳᠠᠪᠤᠨ ᠵᠠᠭᠤᠨ ᠦᠰᠦᠭᠲᠤ③ ᠶᠢᠨ ᠴᠠᠯᠢᠩ ᠦᠭᠬᠦ ᠪᠠᠷ ᠲᠤᠭᠲᠠᠵᠠᠢ᠃ ᠤᠯᠠᠨ ᠢᠶᠠᠷ ᠢᠶᠠᠨ ᠲᠡᠭᠦᠨ ᠢ ᠪᠦᠷ | ᠰᠢᠶᠠᠩ ᠯᠢᠨ ᠪᠡᠷᠭᠡᠨ ᠭᠡᠵᠤ ᠳᠠᠭᠤᠳᠠᠳᠠᠭ᠃ ᠲᠡᠭᠦᠨ ᠤ ᠶᠠᠮᠠᠷ ᠤᠪᠤᠭ ᠲᠠᠢ ᠶᠢ ᠨᠢ ᠠᠰᠠᠭᠤᠭᠰᠡᠨ ᠦᠭᠡᠢ᠂ | ᠲᠡᠭᠡᠪᠡᠴᠤ ᠲᠠᠨᠢᠯᠴᠠᠭᠤᠯᠤᠭᠴᠢ ᠨᠢ ᠸᠧᠢ ᠤᠪᠤᠭᠲᠤ ᠠᠭᠤᠯᠠᠨ ᠲᠤᠰᠬᠤᠨ ᠤ ᠬᠦᠮᠦᠨ ᠮᠦᠷᠲᠡᠭᠡᠨ ᠰᠠᠭᠠᠬᠠᠯᠲᠡ ᠭᠡᠵᠤ | ᠬᠡᠯᠡᠬᠦ ᠲᠤᠯᠡ ᠪᠠᠷᠤᠭ ᠯᠡ ᠸᠧᠢ ᠤᠪᠤᠭ ᠲᠠᠢ ᠪᠠᠶᠢᠯ ᠦᠭᠡᠢ᠃ ᠲᠡᠷᠡ ᠦᠭᠡ ᠶᠠᠷᠢᠶᠠᠨ ᠳᠤ ᠳᠡᠮᠡᠢ ᠴᠤ ᠳᠤᠷ᠎ᠠ | ᠦᠭᠡᠢ᠂ ᠠᠰᠠᠭᠤᠪᠠᠯ ᠰᠠᠶ᠋ᠢ ᠬᠠᠷᠢᠭᠤᠯᠳᠠᠭ᠂ ᠬᠠᠷᠢᠭᠤᠯᠲᠡ ᠨᠢ ᠴᠤ ᠲᠤᠪᠴᠢᠬᠠᠨ ᠪᠠᠶᠢᠳᠠᠭ᠃ ᠢᠩᠭᠢᠭᠰᠡᠭᠡᠷ | ᠠᠷᠪᠠᠭᠠᠳ ᠬᠤᠨᠤᠭ ᠤᠨ ᠳᠠᠷᠠᠭ᠎ᠠ ᠰᠠᠶ᠋ᠢ ᠲᠡᠭᠦᠨ ᠤ ᠭᠡᠷ ᠲᠤ ᠪᠠᠨ ᠬᠡᠳᠡᠷ ᠴᠢᠩᠭ᠎ᠠ ᠬᠠᠳᠠᠮ ᠡᠭᠡ ᠲᠠᠢ ᠪᠠᠶᠢᠳᠠᠭ᠂ | ᠨᠢᠭᠡ ᠬᠠᠳᠠᠮ ᠳᠡᠭᠦᠦ ᠲᠠᠢ᠂ ᠠᠷᠪᠠᠭᠠᠳ ᠨᠠᠰᠤ ᠲᠠᠢ᠂ ᠲᠦᠯᠡᠭᠡ ᠴᠠᠪᠴᠢᠬᠤ ᠴᠢᠳᠠᠯ ᠲᠠᠢ ᠪᠤᠯᠤᠭᠰᠡᠨ᠂ ᠬᠠᠪᠤᠷ | ᠡᠷ᠎ᠡ ᠨᠦᠬᠦᠷ ᠨᠢ ᠦᠩᠭᠡᠷᠡᠭᠰᠡᠨ᠂ ᠡᠷ᠎ᠡ ᠨᠢ ᠮᠦᠨ ᠲᠦᠯᠡᠭᠡ ᠴᠠᠪᠴᠢᠵᠤ ᠠᠮᠢᠳᠤᠷᠠᠳᠠᠭ ᠪᠠᠶᠢᠭᠰᠡᠨ᠂ ᠲᠡᠭᠦᠨ ᠠᠴᠠ | ᠠᠷᠪᠠᠨ ᠨᠠᠰᠤ ᠳᠡᠭᠦᠦ ᠭᠡᠳᠡᠭ ᠢ ᠨᠢ ᠠᠯᠭᠤᠷ ᠤᠯᠵᠤ ᠮᠡᠳᠡᠵᠡᠢ ᠃ ᠤᠯᠠᠨ ᠢᠶᠠᠷ ᠢᠶᠠᠨ ᠡᠳᠦᠶᠢᠭᠡᠨ ᠢ ᠯᠡ | ᠮᠡᠳᠡᠳᠡᠭ᠃ | ᠡᠳᠦᠷ ᠬᠤᠨᠤᠭ ᠮᠠᠰᠢ ᠬᠤᠷᠳᠦᠨ ᠦᠩᠭᠡᠷᠡᠯ᠎ᠡ᠂ ᠲᠡᠷᠡ ᠬᠠᠷᠢᠨ ᠠᠳᠠᠯ ᠬᠢᠬᠦ ᠳᠤ ᠪᠠᠨ ᠤᠭᠲᠤ ᠰᠢᠨᠲᠡᠷᠡᠳᠠᠭ | ᠦᠭᠡᠢ᠂ ᠬᠤᠭᠤᠯᠡ ᠤᠮᠳᠠ ᠭᠤᠯᠤᠳᠠᠭ ᠦᠭᠡᠢ᠂ ᠬᠦᠴᠦ ᠲᠠᠮᠢᠷ ᠢᠶᠠᠨ ᠬᠠᠷᠠᠮᠨᠠᠳᠠᠭ ᠦᠭᠡᠢ ᠪᠠᠶᠢᠯ᠎ᠠ᠃ ᠤᠯᠤᠰ | ᠪᠦᠷ ᠯᠤ᠋ ᠳᠦᠷᠪᠡᠳᠦᠭᠡᠷ ᠨᠤᠶᠠᠨ ᠤ ᠬᠢ ᠶᠢ ᠰᠠᠶᠢᠨ ᠡᠮᠡᠭᠲᠡᠢ ᠬᠦᠴᠦ ᠤᠯᠵᠤ ᠬᠦᠯᠦᠰᠦᠯᠡᠵᠡᠢ᠂ ᠨᠡᠭᠡᠷᠡᠨ ᠰᠢᠷᠭᠠᠭᠤ | ᠡᠷ᠎ᠡ ᠬᠦᠮᠦᠨ ᠠᠴᠠ ᠴᠤ ᠠᠵᠢᠯᠴᠢ ᠭᠡᠵᠡᠭᠡᠨ᠎ᠡ᠃ ᠵᠢᠯ ᠤᠨ ᠡᠴᠦᠰ ᠢᠶᠠᠷ ᠭᠡᠷ ᠱᠦᠬᠦᠷᠳᠡᠵᠤ ᠱᠠᠯᠡ ᠤᠬᠢᠶᠠᠬᠤ᠂ | ᠲᠠᠬᠢᠶ᠎ᠠ ᠠᠯᠠᠵᠤ ᠭᠠᠯᠠᠭᠤ ᠨᠢᠲᠤᠯᠬᠤ᠂ ᠲᠠᠬᠢᠯᠭ᠎ᠠ ᠲᠠᠪᠢᠯᠭ᠎ᠠ ᠰᠦᠨᠢᠵᠢᠨ ᠴᠢᠨᠠᠬᠤ ᠶᠢ ᠪᠦᠬᠦᠳᠡ ᠶᠢ ᠭᠠᠭᠴᠠ ᠪᠠᠷ | ᠡᠭᠦᠷᠭᠡᠯᠡᠵᠤ᠂ ᠤᠬᠤᠷ ᠬᠦᠴᠦ ᠬᠦᠯᠦᠰᠦᠯᠡᠭᠦᠯᠦᠭᠰᠡᠨ ᠦᠭᠡᠢ ᠪᠢᠯᠡ᠃ ᠭᠡᠲᠡᠯ᠎ᠡ ᠭᠡᠳᠡᠷᠬᠦ ᠪᠠᠨ ᠲᠡᠷᠡ ᠬᠠᠷᠢᠨ | ᠰᠡᠳᠬᠢᠯ ᠬᠠᠨᠤᠭᠤᠨ᠂ ᠬᠠᠴᠡᠷ ᠲᠤ ᠨᠢ ᠠᠯᠭᠤᠷ ᠮᠦᠰᠢᠶᠡᠳᠤ ᠢᠯᠡᠷᠡᠭᠡᠳ ᠨᠢᠭᠤᠷ ᠨᠢ ᠴᠦ ᠴᠠᠶᠢᠷᠠᠨ | ᠮᠠᠷᠢᠶᠠᠯᠠᠵᠠᠢ᠃ | ᠰᠢᠨ᠎ᠠ ᠵᠢᠯ ᠰᠠᠶ᠋ᠢᠬᠠᠨ ᠦᠩᠭᠡᠷᠡᠯ᠎ᠡ᠃ ᠪᠤᠳᠠᠭ᠎ᠠ ᠤᠬᠢᠶᠠᠵᠤ ᠭᠤᠤᠯ ᠤᠨ ᠡᠷᠬᠢ ᠠᠴᠠ ᠪᠤᠴᠠᠵᠤ ᠢᠷᠡᠬᠦ ᠳᠤ | ᠪᠠᠨ ᠲᠡᠷᠡ ᠬᠡᠨᠡᠳᠲᠡ ᠴᠢᠷᠠᠢ ᠠᠯᠳᠠᠵᠤ᠂ ᠰᠠᠶ᠋ᠢᠬᠠᠨ ᠭᠤᠤᠯ ᠤᠨ ᠲᠡᠷᠲᠡᠭᠡ ᠬᠦᠪᠡᠭᠡᠨ ᠳᠡᠭᠡᠷ᠎ᠡ ᠬᠡᠳᠦᠨ ᠡᠷ᠎ᠡ | ᠬᠦᠮᠦᠨ ᠬᠤᠯᠬᠢᠬᠤ ᠬᠤᠯᠡ ᠠᠴᠠ ᠬᠠᠷᠠᠭᠳᠠᠵᠠᠢ᠂ ᠶᠠᠭ ᠯᠡ ᠮᠢᠨᠦ ᠡᠷ᠎ᠡ ᠶᠢᠨ ᠦᠶᠡᠯᠢᠳ ᠠᠬ᠎ᠠ ᠨᠢ ᠰᠢᠭ᠋᠂ ᠨᠠᠮ᠎ᠡ | ᠶᠢ ᠡᠷᠢᠵᠤ ᠢᠷᠡᠭᠰᠡᠨ ᠪᠤᠯᠤᠯᠲᠡᠢ ᠭᠡᠵᠤ ᠬᠡᠯᠡᠵᠤ ᠭᠠᠷᠤᠯ᠎ᠡ᠃ ᠳᠦᠷᠪᠡᠳᠦᠭᠡᠷ ᠠᠪᠠᠭ᠎ᠠ ᠡᠵᠢ ᠰᠡᠵᠢᠭ ᠲᠦᠷᠦᠵᠤ | ᠭᠠᠶᠢᠬᠠᠨ ᠤᠬᠤᠴᠢᠯᠠᠨ ᠠᠰᠠᠭᠤᠪᠠᠯ ᠲᠡᠷᠡ ᠬᠠᠷᠢᠨ ᠬᠡᠯᠡᠬᠦ ᠦᠭᠡᠢ᠃ ᠳᠦᠷᠪᠡᠳᠦᠭᠡᠷ ᠠᠪᠠᠭ᠎ᠠ ᠮᠡᠳᠡᠮᠡᠭᠴᠡ ᠬᠦᠮᠦᠰᠭᠡ | ᠠᠲᠤᠷᠢᠭᠤᠯᠤᠨ᠄ ︽ᠪᠤᠯᠠᠢ ᠬᠡᠷᠡᠭ ᠡ᠂ ᠠᠶ᠎ᠡ ᠦᠭᠡᠶᠢᠲᠡᠪᠡᠯ ᠦᠨᠦᠬᠢ ᠴᠢᠨᠢ ᠤᠷᠭᠤᠵᠤ ᠭᠠᠷᠴᠤ ᠢᠷᠡᠭᠰᠡᠨ ᠪᠠᠶᠢᠵᠤ | ᠮᠡᠳᠡᠨ᠎ᠡ︾ ᠭᠡᠯᠡ᠃ | ᠲᠡᠷᠡ ᠨᠡᠭᠡᠷᠡᠨ ᠤᠷᠭᠤᠵᠤ ᠭᠠᠷᠴᠤ ᠢᠷᠡᠭᠰᠡᠨ ᠪᠠᠶᠢᠵᠠᠢ᠂ ᠳᠡᠮᠡᠢ ᠤᠳᠠᠭᠰᠡᠨ ᠦᠭᠡᠢ ᠡᠨᠡ ᠲᠠᠭᠠᠮᠠᠭᠯᠠᠯ | ᠬᠡᠷᠡᠴᠢᠯᠡᠭᠳᠡᠯᠡ᠃ ᠪᠠᠷᠤᠭ ᠠᠷᠪᠠᠭᠠᠳ ᠡᠳᠦᠷ ᠦᠩᠭᠡᠷᠡᠭᠰᠡᠨ ᠤ ᠳᠠᠷᠠᠭ᠎ᠠ᠂ ᠤᠯᠠᠭᠤᠯᠡ ᠤᠷᠢᠳᠡᠬᠢ ᠶᠠᠪᠤᠳᠠᠯ ᠢ | ᠠᠯᠭᠤᠷ ᠮᠡᠷᠲᠡᠲᠡᠯᠡ᠂ ᠸᠧᠢ ᠡᠮᠡᠭᠡᠨ ᠬᠡᠨᠡᠳᠲᠡ ᠭᠤᠴᠢᠭᠠᠳ ᠨᠠᠰᠤ ᠲᠠᠢ ᠨᠢᠭᠡ ᠡᠮᠡᠭᠲᠡᠢ ᠶᠢ ᠳᠠᠭᠠᠭᠤᠯᠵᠤ ᠤᠷᠤᠵᠤ | ᠢᠷᠡᠭᠡᠳ᠂ ᠲᠡᠭᠦᠨ ᠢ ᠰᠢᠶᠠᠩ ᠯᠢᠨ ᠪᠡᠷᠭᠡᠨ ᠤ ᠬᠠᠳᠠᠮ ᠡᠭᠡ ᠨᠢ ᠭᠡᠵᠤ ᠬᠡᠯᠡᠯ᠎ᠡ᠃ ᠲᠡᠷᠡ ᠡᠮᠡᠭᠲᠡᠢ ᠬᠡᠳᠦᠢ ᠪᠠᠷ | ᠠᠭᠤᠯᠠᠨ ᠭᠠᠵᠠᠷ ᠤᠨ ᠬᠦᠮᠦᠨ ᠤ ᠳᠦᠷᠢ ᠲᠠᠢ ᠪᠤᠯᠪᠠᠴᠤ ᠬᠠᠷᠢᠴᠠᠵᠤ ᠪᠠᠷᠢᠬᠤ ᠳᠤ ᠪᠠᠨ ᠢᠯᠭᠤᠮ ᠲᠠᠶᠢᠪᠤᠭᠤ᠂ | ᠬᠡᠯᠡ ᠠᠮᠠᠨ ᠳᠤ ᠪᠠᠨ ᠴᠤ ᠴᠢᠳᠠᠮᠠᠭᠠᠢ ᠪᠠᠶᠢᠵᠤ᠂ ᠮᠡᠨᠳᠦᠯᠡᠯᠴᠡᠭᠰᠡᠨ ᠤ ᠳᠠᠷᠠᠭ᠎ᠠ᠂ ᠳᠠᠷᠤᠶᠢᠬᠠᠨ ᠪᠤᠷᠤᠭᠤ ᠮᠡᠳᠡᠵᠤ᠂ | ᠦᠪᠡᠷ ᠢ ᠪᠠᠨ ᠲᠤᠰᠬᠠᠶᠢᠯᠠᠨ ᠬᠦᠦ ᠪᠡᠷᠢ ᠪᠠᠨ ᠭᠡᠷ ᠲᠤ ᠪᠠᠨ ᠠᠪᠠᠴᠢᠬᠤ ᠪᠠᠷ ᠢᠷᠡᠯ᠎ᠡ᠂ ᠬᠠᠪᠤᠷ ᠤᠨ ᠡᠬᠢ ᠪᠠᠷ | ᠠᠵᠢᠯ ᠶᠠᠭᠠᠷᠠᠯᠲᠡᠢ᠂ ᠭᠡᠲᠡᠯ᠎ᠡ ᠭᠡᠷ ᠲᠤ ᠬᠠᠷᠢᠨ ᠬᠦᠭᠰᠢᠳ ᠬᠡᠦᠭᠡᠳ ᠯᠡ ᠪᠠᠶᠢᠭ᠎ᠠ᠂ ᠬᠦᠮᠦᠨ ᠤ ᠬᠦᠴᠦ ᠬᠦᠷᠦᠯᠴᠡᠬᠦ | ᠦᠭᠡᠢ ᠭᠡᠵᠤ ᠶᠠᠷᠢᠵᠤ ᠭᠠᠷᠤᠯ᠎ᠡ᠃ | ︽ᠬᠠᠳᠠᠮ ᠡᠭᠡ ᠨᠢ ᠠᠪᠠᠴᠢᠬᠤ ᠭᠡᠵᠤ ᠪᠠᠶᠢᠬᠤ ᠶᠤᠮ ᠴᠢᠨᠢ᠂ ᠦᠭᠡᠷ᠎ᠡ ᠶᠠᠮᠠᠷ ᠬᠡᠯᠡᠮᠡᠷ ᠦᠭᠡ ᠪᠠᠶᠢᠬᠤ ᠪᠤᠢ︾ | ᠭᠡᠵᠤ ᠳᠦᠷᠪᠡᠳᠦᠭᠡᠷ ᠠᠪᠠᠭ᠎ᠠ ᠬᠡᠯᠡᠪᠠ᠃ ᠲᠡᠶᠢᠨ ᠬᠦ ᠬᠦᠯᠦᠰᠤᠨ ᠵᠤᠭᠤᠰ ᠢ ᠨᠢ ᠪᠤᠳᠤᠭᠤᠯᠵᠠᠢ᠃ ᠨᠡᠶᠢᠲᠡ | ᠮᠢᠩᠭ᠎ᠠ ᠳᠤᠯᠤᠭᠠᠨ ᠵᠠᠭᠤ ᠲᠠᠪᠢᠨ ᠭᠠᠤᠯᠢᠨ ᠵᠤᠭᠤᠰ ᠪᠠᠶᠢᠪᠠ᠃ ᠲᠡᠷᠡ ᠨᠢᠭᠡ ᠴᠤ ᠵᠠᠷᠤᠯ ᠦᠭᠡᠢ ᠡᠵᠡᠨ ᠳᠤ ᠪᠠᠨ | ᠦᠭᠴᠤ ᠬᠠᠳᠠᠭᠠᠯᠠᠭᠤᠯᠵᠤ ᠪᠠᠶᠢᠵᠠᠢ᠃ ᠲᠡᠭᠡᠭᠡᠳ ᠴᠦᠮ ᠢ ᠬᠠᠳᠠᠮ ᠡᠭᠡ ᠳᠤ ᠨᠢ ᠲᠤᠰᠢᠶᠠᠵᠤ ᠦᠭᠪᠠ᠃ ᠲᠡᠷᠡ | ᠡᠮᠡᠭᠲᠡᠢ ᠬᠤᠪᠴᠠᠰᠤ ᠬᠤᠨᠠᠷ ᠢ ᠨᠢ ᠠᠪᠤᠭᠠᠳ᠂ ᠲᠠᠯᠠᠷᠬᠠᠵᠤ ᠪᠠᠶᠢᠭ᠎ᠠ ᠪᠠᠨ ᠢᠯᠡᠷᠭᠡᠶᠢᠯᠡᠭᠡᠳ ᠭᠠᠷᠴᠠᠢ ᠶᠠᠪᠤᠵᠠᠢ᠃ | ᠡᠨᠡ ᠬᠢᠷᠢ ᠵᠢᠩ ᠦᠳᠡ ᠪᠤᠯᠴᠢᠬᠠᠭᠰᠡᠨ ᠪᠠᠶᠢᠯ᠎ᠠ᠃ ᠨᠡᠯᠢᠶᠡᠳ ᠤᠳᠠᠭᠰᠡᠨ ᠤ ᠳᠠᠷᠠᠭ᠎ᠠ ᠰᠠᠶ᠋ᠢ ᠳᠦᠷᠪᠡᠳᠦᠭᠡᠷ | ᠠᠪᠠᠭ᠎ᠠ ᠡᠵᠢ ᠬᠡᠨᠡᠳᠲᠡ᠄ ︽ᠠᠢ ᠬᠦᠶ᠋ᠢ᠂ ᠪᠤᠲᠠᠭ᠎ᠠ ᠴᠢᠨᠢ︖ ᠰᠢᠶᠠᠩ ᠯᠢᠨ ᠪᠡᠷᠭᠡᠨ ᠪᠤᠳᠠᠭ᠎ᠠ ᠤᠬᠢᠶᠠᠬᠤ ᠪᠠᠷ | ᠶᠠᠪᠤᠭᠰᠡᠨ ᠪᠢᠰᠢ ᠤᠤ︖ ᠁︾ ᠭᠡᠵᠤ ᠬᠢᠷᠳ᠋ᠬᠢᠨ ᠬᠠᠰᠬᠢᠷᠴᠤ ᠭᠠᠷᠤᠯ᠎ᠡ᠃ ᠲᠠᠷᠡ ᠦᠯᠦᠰᠴᠢᠬᠡᠭᠰᠡᠨ | ᠪᠤᠯᠤᠯᠲᠡᠢ᠂ ᠦᠳᠡ ᠶᠢᠨ ᠬᠤᠭᠤᠯᠡ ᠪᠠᠨ ᠪᠤᠳᠤᠵᠤ ᠤᠯᠵᠠᠢ᠃ | ᠢᠩᠬᠢᠭᠡᠳ ᠤᠯᠠᠨ ᠢᠶᠠᠷ ᠢᠶᠠᠨ ᠤᠬᠢᠶᠠᠯᠲᠠᠭᠤᠷ ᠰᠡᠪᠡᠭ ᠡᠷᠢᠬᠦ ᠪᠠᠷ ᠵᠦᠭ ᠵᠦᠭ ᠲᠤ ᠪᠠᠨ ᠭᠠᠷᠪᠠ᠃ | ᠳᠦᠷᠪᠡᠳᠦᠭᠡᠷ ᠠᠪᠠᠭ᠎ᠠ ᠡᠵᠢ ᠤᠷᠢᠳ ᠢᠶᠠᠷ ᠲᠤᠭᠤᠭᠠᠨ ᠭᠡᠷ ᠲᠤ᠂ ᠳᠠᠷᠠᠭ᠎ᠠ ᠨᠢ ᠲᠠᠩᠬᠢᠮ ᠤᠨ ᠡᠮᠦᠨ᠎ᠠ ᠬᠦᠷᠴᠤ᠂ | ᠰᠡᠭᠦᠯ ᠳᠤ ᠨᠢ ᠤᠨᠲᠠᠬᠤ ᠦᠷᠭᠦᠭᠡᠨ ᠳᠤ ᠤᠷᠤᠵᠤ ᠦᠵᠡᠵᠡᠢ᠂ ᠤᠬᠢᠶᠠᠯᠲᠠᠭᠤᠷ ᠰᠡᠪᠡᠭ ᠤᠨ ᠪᠠᠷ᠎ᠠ ᠲᠤᠷᠤ | ᠬᠠᠷᠠᠭᠳᠠᠭᠰᠡᠨ ᠦᠭᠡᠢ ᠪᠠᠶᠢᠯ᠎ᠠ᠃ ᠳᠦᠷᠪᠡᠳᠦᠭᠡᠷ ᠠᠪᠠᠭ᠎ᠠ ᠬᠦᠷᠢᠶᠠᠨ ᠭᠠᠳᠠᠨ᠎ᠠ ᠭᠠᠷᠴᠤ ᠦᠵᠡᠯ᠎ᠡ᠂ ᠮᠦᠨ ᠴᠤ | ᠬᠠᠷᠠᠭᠳᠠᠭᠰᠡᠨ ᠦᠭᠡᠢ᠂ ᠴᠢᠨᠠᠭᠰᠢ ᠭᠤᠤᠯ ᠤᠨ ᠬᠦᠪᠡᠭᠡ ᠤᠷᠤᠭᠤ ᠤᠴᠢᠭᠰᠡᠨ ᠳᠤ᠂ ᠡᠷᠭᠢ ᠳᠡᠭᠡᠷ᠎ᠡ ᠨᠢ ᠳᠡᠪ | ᠲᠡᠭᠰᠢᠬᠡᠨ ᠲᠠᠯᠪᠢᠭᠠᠰᠤᠲᠠᠢ ᠬᠠᠷᠠᠭᠳᠠᠵᠠᠢ᠂ ᠳᠡᠷᠭᠡᠳᠡ ᠨᠢ ᠪᠠᠰᠡ ᠨᠢᠭᠡ ᠠᠳᠬᠤ ᠬᠦᠭᠡ ᠨᠤᠭᠤᠭ᠎ᠠ ᠲᠠᠯᠪᠢᠭᠠᠰᠤᠲᠠᠢ | ᠪᠠᠶᠢᠯ᠎ᠠ᠃ | ᠤᠯᠵᠤ ᠦᠵᠡᠭᠰᠡᠨ ᠬᠦᠮᠦᠨ ᠢᠷᠡᠵᠤ ᠮᠡᠳᠡᠭᠦᠯᠦᠯ᠎ᠡ᠃ ᠭᠤᠤᠯ ᠲᠤᠲᠤᠷ᠎ᠠ ᠦᠳᠡ ᠶᠢᠨ ᠡᠮᠦᠨ᠎ᠠ ᠳᠠᠷᠤᠢ ᠨᠢᠭᠡ | ᠴᠠᠭᠠᠨ ᠮᠤᠬᠤᠯᠠᠭᠲᠤ ᠤᠩᠭᠤᠴᠡ ᠵᠤᠭᠰᠤᠵᠤ ᠪᠠᠶᠢᠭᠰᠡᠨ ᠪᠦᠭᠡᠳ ᠮᠤᠬᠤᠯᠠᠭ ᠢᠶᠠᠨ ᠪᠦᠬᠦᠨ ᠢ ᠪᠦᠲᠡᠭᠡᠵᠤ ᠪᠠᠶᠢᠵᠠᠢ᠂ | ᠲᠤᠲᠤᠷ᠎ᠠ ᠨᠢ ᠶᠠᠮᠠᠷ ᠬᠦᠮᠦᠨ ᠪᠠᠶᠢᠬᠰᠡᠨ ᠢ ᠮᠡᠳᠡᠬᠦ ᠦᠭᠡᠢ᠂ ᠲᠡᠭᠡᠬᠦ ᠳᠤ ᠪᠠᠨ ᠬᠡᠷᠡᠭ ᠪᠤᠯᠬᠤ ᠠᠴᠠ ᠡᠮᠦᠨ᠎ᠠ | ᠲᠡᠭᠦᠨ ᠢ ᠠᠩᠵᠠᠭᠠᠷᠠᠭᠰᠡᠨ ᠬᠦᠮᠦᠨ ᠴᠤ ᠦᠭᠡᠢ ᠶᠤᠮ᠃ ᠰᠢᠶᠠᠩ ᠯᠢᠨ ᠪᠡᠷᠭᠡᠨ ᠢ ᠭᠠᠷᠴᠤ ᠢᠷᠡᠭᠡᠳ ᠪᠤᠳᠠᠭ᠎ᠠ | ᠤᠬᠢᠶᠠᠬᠤ ᠪᠠᠷ ᠰᠠᠶ᠋ᠢᠬᠠᠨ ᠤᠴᠤᠶᠢᠲᠡᠯᠡ᠂ ᠲᠡᠷᠡ ᠬᠦ ᠤᠩᠭᠤᠴᠡᠨ ᠲᠤᠲᠤᠷ᠎ᠠ ᠠᠴᠠ ᠬᠡᠨᠡᠳᠲᠡ ᠬᠤᠶᠠᠷ ᠡᠷ᠎ᠡ | ᠬᠦᠮᠦᠨ ᠬᠦᠶᠦᠵᠤ ᠭᠠᠷᠴᠤ ᠢᠷᠠᠵᠠᠢ᠂ ᠠᠭᠤᠯᠠᠨ ᠭᠠᠵᠠᠷ ᠤᠨ ᠬᠦᠮᠦᠨ ᠰᠢᠭ ᠬᠠᠷᠠᠭᠳᠠᠵᠠᠢ᠂ ᠨᠢᠭᠡ ᠨᠢ ᠲᠡᠪᠡᠷᠢᠵᠤ | ᠨᠢᠭᠡ ᠨᠢ ᠬᠠᠪᠰᠤᠷᠴᠤ ᠪᠠᠶᠢᠭᠠᠳ ᠲᠡᠭᠦᠨ ᠢ ᠤᠩᠭᠤᠴᠡᠨ ᠲᠤᠲᠤᠷ᠎ᠠ ᠴᠢᠷᠴᠤ ᠤᠷᠤᠭᠤᠯᠵᠠᠢ᠃ ᠰᠢᠶᠠᠩ ᠯᠢᠨ ᠪᠡᠷᠭᠡᠨ | ᠬᠡᠳᠦᠨᠲᠡ ᠤᠬᠢᠯᠠᠵᠤ ᠬᠠᠰᠬᠢᠷᠤᠭᠰᠡᠨ ᠶᠤᠮ᠂ ᠳᠠᠷᠠᠭ᠎ᠠ ᠪᠠᠷ ᠨᠢ ᠴᠢᠮᠡᠭᠡ ᠦᠭᠡᠢ ᠪᠤᠯᠵᠠᠢ᠂ ᠪᠠᠷᠤᠭ ᠯᠡ ᠶᠠᠭᠤᠮ᠎ᠡ | ᠪᠠᠷ ᠠᠮᠡ ᠶᠢ ᠲᠠᠭᠯᠠᠵᠤ ᠤᠷᠬᠢᠭᠰᠡᠨ ᠪᠠᠶᠢᠬᠤ ᠡ᠃ ᠲᠡᠭᠡᠵᠤ ᠪᠠᠶᠢᠲᠠᠯ᠎ᠠ ᠬᠤᠶᠠᠷ ᠡᠮᠡᠭᠲᠡᠢ ᠤᠩᠭᠤᠴᠡᠨ ᠳᠤ ᠭᠠᠷᠴᠤ | ᠤᠴᠢᠯᠡ᠃ ᠨᠢᠭᠡ ᠶᠢ ᠨᠢ ᠲᠠᠨᠢᠬᠤ ᠦᠭᠡᠢ᠂ ᠨᠢᠭᠡ ᠨᠢ ᠳᠠᠷᠤᠢ ᠸᠧᠢ ᠡᠮᠡᠭᠡᠨ ᠪᠠᠶᠢᠯ᠎ᠠ᠃ ᠤᠩᠭᠤᠴᠠᠨ ᠲᠤᠲᠤᠷᠠᠬᠢ | ᠶᠢ ᠪᠠᠷᠠᠯᠠᠵᠤ ᠬᠠᠷᠠᠪᠠᠯ ᠳᠡᠮᠡᠢ ᠲᠤᠲᠤ ᠬᠠᠷᠠᠭᠳᠠᠬᠤ ᠦᠭᠡᠢ᠂ ᠰᠢᠶᠠᠩ ᠯᠢᠨ ᠪᠡᠷᠭᠡᠨ ᠬᠦᠯᠢᠭᠳᠡᠭᠡᠳ ᠱᠠᠯᠡ ᠳᠡᠭᠡᠷ᠎ᠡ | ᠬᠡᠪᠲᠡᠵᠤ ᠪᠠᠶᠢᠭᠰᠡᠨ ᠰᠢᠭ᠋ ᠬᠠᠷᠠᠭᠳᠠᠵᠠᠢ᠃ | ︽ᠬᠠᠷ᠎ᠠ ᠪᠤᠯᠠᠢ︕ ᠬᠡᠲᠡᠯ᠎ᠡ ᠁︾ ᠭᠡᠵᠤ ᠳᠦᠷᠪᠡᠳᠦᠭᠡᠷ ᠠᠪᠠᠭ᠎ᠠ ᠬᠡᠯᠡᠨ᠎ᠡ᠃ ᠦᠨᠦᠳᠦᠷ | ᠳᠦᠷᠪᠡᠳᠦᠭᠡᠷ ᠠᠪᠠᠭ᠎ᠠ ᠡᠵᠢ ᠦᠪᠡᠷᠲᠡᠭᠡᠨ ᠦᠳᠡ ᠶᠢᠨ ᠬᠤᠭᠤᠯᠡ ᠪᠠᠨ ᠴᠢᠨᠠᠵᠤ᠂ ᠬᠦᠦ ᠠ ᠨᠢᠦ ᠨᠢ ᠭᠠᠯ | ᠲᠦᠯᠡᠵᠡᠢ᠃ ᠦᠳᠡ ᠶᠢᠨ ᠬᠤᠭᠤᠯᠠᠨ ᠤ ᠳᠠᠷᠠᠭ᠎ᠠ ᠸᠧᠢ ᠡᠮᠡᠭᠡᠨ ᠳᠠᠬᠢᠭᠠᠳ ᠬᠦᠷᠴᠤ ᠢᠷᠡᠵᠡᠢ᠃ ︽ᠬᠠᠷ᠎ᠠ | ᠪᠤᠯᠠᠢ︕︾ ᠭᠡᠵᠤ ᠳᠦᠷᠪᠡᠳᠦᠭᠡᠷ ᠠᠪᠠᠭ᠎ᠠ ᠬᠡᠯᠡᠨ᠎ᠠ᠃ | ︽ᠴᠢ ᠶᠠᠮᠠᠷ ᠰᠠᠨᠠᠭ᠎ᠠ ᠲᠠᠢ ᠪᠤᠢ︖ ᠴᠢ ᠯᠡ ᠡᠷᠬᠢᠵᠤ ᠢᠷᠡᠵᠤ ᠠᠭᠤᠯᠵᠠᠵᠤ ᠪᠠᠶᠢᠬᠤ ᠠᠴᠠ ᠪᠢᠰᠢ ᠳ᠋ᠡ︾ | ᠭᠡᠵᠤ ᠳᠦᠷᠪᠡᠳᠦᠭᠡᠷ ᠠᠪᠠᠭ᠎ᠠ ᠡᠵᠢ ᠠᠶᠠᠭ᠎ᠠ ᠤᠬᠢᠶᠠᠬᠤ ᠶᠢᠨ ᠰᠠᠴᠠᠭᠤ ᠦᠵᠡᠩᠭᠦᠲᠡ᠄ ︽ᠴᠢ ᠦᠪᠡᠷᠲᠡᠭᠡᠨ | ᠲᠠᠨᠢᠯᠴᠠᠭᠤᠯᠵᠤ ᠠᠪᠴᠢᠷᠠᠴᠢᠬᠠᠭᠠᠳ᠂ ᠳᠠᠬᠢᠭᠠᠳ ᠬᠤᠷᠰᠢᠵᠤ ᠪᠠᠶᠢᠭᠠᠳ ᠪᠤᠯᠢᠶᠠᠭᠠᠳ ᠠᠪᠠᠴᠢᠴᠢᠬᠠᠨᠠ᠂ ᠪᠤᠴᠠᠯᠵᠤ | ᠪᠤᠵᠢᠬᠢᠨᠠᠲᠡᠯᠡ ᠪᠦᠭᠡᠮ ᠳᠡᠪᠵᠢᠶᠠᠷᠡᠭᠦᠯᠦᠭᠡᠳ᠂ ᠬᠦᠮᠦᠨ ᠠᠮᠢᠲᠡᠨ ᠤ ᠨᠢᠳᠦᠨ ᠶᠠᠭᠤ ᠪᠤᠯᠵᠤ ᠬᠠᠷᠠᠭᠳᠠᠳᠠᠭ ᠪᠤᠢ︖ | ᠴᠢ ᠶᠡᠷᠦ ᠨᠢ ᠮᠠᠨ ᠤ ᠬᠢ ᠪᠠᠷ ᠲᠤᠭᠤᠬᠢ ᠬᠢᠬᠦ ᠨᠢ ᠤᠤ︖︾ ᠭᠡᠵᠤ ᠠᠭᠤᠷᠲᠠᠶᠢᠬᠠᠨ ᠬᠡᠯᠡᠵᠤ ᠭᠠᠷᠤᠯ᠎ᠡ᠃ | ︽ᠠᠢ ᠶᠠ ᠶᠠ᠂ ᠪᠢ ᠨᠡᠭᠡᠷᠡᠨ ᠬᠠᠭᠤᠷᠲᠠᠵᠠᠢ᠃ ᠮᠢᠨᠦ ᠡᠨᠡ ᠴᠢᠨᠢ᠂ ᠮᠦᠨ ᠡᠭᠦᠨ ᠤ ᠲᠦᠯᠦᠭᠡ | ᠲᠤᠰᠬᠠᠶᠢᠯᠠᠨ ᠲᠤᠲᠤᠷᠬᠠᠶᠢᠯᠠᠬᠤ ᠪᠠᠷ ᠢᠷᠡᠭᠰᠡᠨ ᠶᠤᠮ᠃ ᠲᠡᠷᠡ ᠨᠠᠮ᠎ᠡ ᠶᠢ ᠡᠷᠢᠵᠤ ᠢᠷᠡᠴᠢᠭᠡᠭᠡᠳ | ᠲᠠᠨᠢᠯᠴᠠᠭᠤᠯᠤᠭᠠᠳ ᠠᠯᠢ ᠭᠡᠬᠦᠯᠡᠷ ᠪᠢ ᠬᠠᠮᠢᠭ᠎ᠠ ᠠᠴᠠ ᠲᠡᠭᠦᠨ ᠢ ᠬᠠᠳᠠᠮ ᠡᠭᠡ ᠠᠴᠠ ᠪᠠᠨ ᠳᠠᠯᠳᠠᠭᠤᠷ ᠭᠡᠵᠤ | ᠮᠡᠳᠡᠬᠦ ᠪᠢᠯᠡ ᠳ᠋ᠡ᠃ ᠤᠰᠤᠯᠳᠠᠯᠠ ᠰᠢᠦ᠂ ᠳᠦᠷᠪᠡᠳᠦᠭᠡᠷ ᠨᠤᠶᠠᠨᠲᠡᠢ᠂ ᠳᠦᠷᠪᠡᠳᠦᠭᠡᠷ ᠬᠠᠳᠤᠭᠲᠠᠢ ᠮᠢᠨᠢ ᠡ᠃ ᠪᠢ | ᠯᠡ ᠬᠢᠴᠢᠶᠠᠮᠵᠢ ᠦᠭᠡᠢ ᠵᠦᠨᠦᠭ ᠲᠤᠯᠤᠭᠠᠶᠢᠯᠠᠭᠠᠳ᠂ ᠡᠵᠡᠭᠲᠡᠢ ᠲᠠᠨ ᠳᠤ ᠪᠠᠨ ᠤᠰᠤᠯᠳᠠᠯᠠ ᠰᠢᠦ᠃ ᠵᠤᠯ ᠢᠶᠠᠷ | ᠲᠠᠨ ᠤ ᠬᠢ ᠤᠤᠯ ᠠᠴᠠ ᠪᠠᠨ ᠠᠭᠤᠤ ᠦᠷᠦᠰᠢᠶᠠᠩᠭᠦᠢ ᠬᠦᠮᠦᠰ᠂ ᠶᠡᠷᠦ ᠠᠴᠠ ᠦᠴᠦᠭᠡᠨ ᠠᠮᠢᠲᠡᠳ ᠲᠠᠢ ᠨᠠᠭᠠᠰᠢ | ᠴᠠᠭᠠᠰᠢ ᠭᠡᠳᠡᠭ ᠦᠭᠡᠢ ᠳᠤ ᠪᠠᠨ ᠯᠡ ᠪᠤᠯᠵᠠᠢ᠃ ᠳᠠᠷᠠᠭᠠᠴᠢ ᠪᠠᠷ ᠪᠢ ᠵᠠᠪᠠᠯ ᠨᠢᠭᠡ ᠰᠠᠶᠢᠨ ᠶᠢ ᠤᠯᠵᠤ ᠦᠭᠴᠤ | ᠶᠠᠯ᠎ᠡ ᠪᠠᠨ ᠲᠠᠶᠢᠯᠤᠶᠡ ᠁︾ ︽ᠭᠡᠲᠡᠯ᠎ᠡ ᠁︾ ᠭᠡᠵᠤ ᠳᠦᠷᠪᠡᠳᠦᠭᠡᠷ ᠠᠪᠠᠭ᠎ᠠ ᠬᠡᠯᠡᠨ᠎ᠡ᠃ | ᠢᠩᠬᠢᠭᠡᠳ ᠰᠢᠶᠠᠩ ᠯᠢᠨ ᠪᠡᠷᠭᠡᠨ ᠤ ᠬᠡᠷᠡᠭ ᠡᠴᠦᠰᠯᠡᠵᠤ᠂ ᠤᠳᠠᠭᠰᠡᠨ ᠴᠤ ᠦᠭᠡᠢ ᠮᠠᠷᠲᠠᠭᠳᠠᠴᠢᠬᠠᠪᠠ᠃ | |