ᠵᠠᠮ ᠤᠨ ᠦᠯᠢᠬᠡᠷ
ᠨᠡᠶᠢᠲᠡᠯᠡᠭᠰᠡᠨ ᠴᠠᠭ᠄
2025/1/14
     ᠠ᠊᠂ ᠨᠠ᠊᠂ ᠪᠠ᠊ ᠭᠤᠷᠪᠠ ᠲᠦᠩᠯᠢᠶᠣᠣ ᠬᠤᠳᠠ ᠶᠢᠨ ᠬᠤᠷᠴᠢᠨ ᠳᠣᠭᠤᠷᠢᠭ ᠤᠨ ᠬᠤᠤᠯᠢᠨ ᠶᠡᠭᠡ ᠵᠡᠬᠡᠯᠢ ᠶᠢᠨ ᠳᠣᠭᠤᠢ ᠵᠠᠮ ᠢᠶᠠᠷ ᠶᠡᠬᠡᠩᠭᠡᠢ ᠬᠠᠭᠠᠰ ᠢ ᠨᠢ ᠡᠵᠡᠯᠡᠨ ᠵᠡᠬᠦᠨ ᠮᠦᠷᠦ ᠪᠠᠨ ᠳᠠᠭᠠᠵᠣ ᠵᠡᠬᠦᠨᠰᠢᠯᠡᠨ᠎ᠡ᠃ ᠳᠡᠳᠡ ᠭᠤᠷᠪᠠ ᠪᠦᠯᠬᠦᠮᠳᠡᠯ ᠵᠠᠮ ᠳᠡᠬᠡᠷ᠎ᠡ ᠪᠠᠶᠢᠭ᠎ᠠ ︽ᠪᠤᠯᠤᠳ ᠰᠢᠭ᠋ ᠬᠠᠳᠠᠭᠤ ᠳᠣᠮᠣ ᠳᠡᠯᠬᠡᠬᠦᠷ︾ ᠠᠴᠠ ᠭᠠᠷᠴᠣ ᠢᠷᠡᠬᠡᠳ ᠬᠤᠶᠢᠰᠢᠯᠠᠵᠣ᠂ ᠬᠤᠣᠯᠢᠨ ᠶᠡᠭᠡ ᠵᠡᠬᠡᠯᠢ ᠲᠠᠢ ᠣᠭᠳᠣᠯᠣᠯᠴᠠᠭᠰᠠᠨ ᠳᠣᠨᠣᠯᠵᠢᠨ ᠵᠠᠮ ᠢ ᠦᠩᠭᠡᠷᠡᠵᠦ ᠢᠷᠡᠭᠰᠡᠨ ᠪᠠᠶᠢᠭ᠎ᠠ ᠶᠤᠮ᠃ ᠨᠣᠮᠣ ᠲᠠᠢ ᠰᠣᠮᠣ ᠲᠠᠢ᠂ ᠭᠠᠷ ᠲᠠᠢ ᠬᠦᠯ ᠲᠠᠢ ᠢᠨᠢᠶᠡᠯᠴᠡᠨ ᠬᠠᠨᠢᠶᠠᠯᠴᠠᠨ ᠦᠩᠭᠡᠷᠡᠨ᠎ᠡ᠃ ᠵᠠᠮ  ᠤᠨ ᠶᠣᠰᠣᠨ ᠢᠶᠠᠷ ᠪᠠᠷᠠᠭᠤᠨ ᠮᠦᠷᠦ ᠪᠠᠨ ᠲᠠᠭᠠᠨ ᠶᠠᠪᠠᠭᠠᠨ ᠵᠠᠮ ᠢᠶᠠᠷ ᠠᠯᠬᠤᠬᠤ ᠶᠤᠰᠣᠳᠡᠢ ᠪᠠᠶᠢᠭᠰᠠᠨ ᠪᠣᠯ ᠳᠡᠳᠡ ᠶᠠᠭ ᠡᠰᠡᠷᠬᠦ ᠪᠠᠷ ᠮᠢᠨᠦ ᠳᠠᠪᠠ ᠬᠡᠮᠡᠨ ᠳᠣᠭᠤᠢ ᠶᠢᠨ ᠵᠠᠮ ᠢ ᠬᠠᠰᠢᠭᠰᠠᠭᠠᠷ ᠯᠣᠶᠢᠪᠠᠷᠰᠢᠨ ᠶᠠᠪᠤᠵᠡᠢ᠃ ᠠ᠊᠂ ᠨᠠ᠊᠂ ᠪᠠ᠊ ᠭᠤᠷᠪᠠ ᠪᠤᠯ ᠡᠨᠡ ᠣᠶᠢᠷᠠᠬᠢ ᠡᠮᠨᠡᠯᠬᠡ ᠶᠢᠨ ᠶᠡᠭᠡ ᠰᠣᠷᠭᠠᠭᠤᠯᠢ ᠶᠢᠨ ᠲᠦᠷᠪᠡᠳᠦᠬᠡᠷ ᠣᠨ ᠤ ᠣᠶᠣᠳᠠᠨ᠂ ᠠᠶᠣᠬᠤ ᠶᠠᠭᠤᠮ᠎ᠠ ᠦᠭᠡᠢ ᠬᠡᠳᠡᠷ ᠴᠦᠳᠡᠷ ᠨᠠᠰᠣ ᠲᠠᠢ ᠠᠮᠠᠷ ᠦᠭᠡᠢ ᠣᠯᠣᠰ ᠡ᠃            ᠪᠠᠷᠠᠭᠤᠨ ᠠᠴᠠ ᠳᠣᠭᠤᠢ ᠣᠨᠣᠭᠴᠢ ᠫᠠ᠊ ᠨᠢᠰᠬᠦ ᠬᠤᠷᠳᠣ ᠪᠠᠷ ᠳᠣᠪᠳᠣᠯᠭᠠᠨ᠂ ᠠ᠊᠂ ᠨᠠ᠊᠂ ᠪᠠ᠊ ᠭᠤᠷᠪᠠ ᠶᠢᠨ ᠬᠤᠶᠢᠨ᠎ᠠ ᠠᠴᠠ ᠬᠦᠢᠴᠡᠵᠦ ᠢᠷᠡᠮᠡᠷ ᠠᠶᠠᠳᠠᠪᠠ᠃ ᠪᠢᠯᠢᠭ ᠤᠨ ᠬᠤᠣᠰ ᠨᠢᠳᠦ ᠪᠠᠷ ᠵᠢᠰᠦ ᠶᠢ ᠨᠢ ᠦᠵᠡᠪᠡᠯ ᠠᠶᠣᠬᠤ ᠶᠠᠭᠤ ᠶᠢ ᠮᠡᠳᠡᠬᠦ ᠦᠭᠡᠢ ᠯᠣᠳᠣ ᠡᠷ᠎ᠡ᠃               ᠵᠡᠬᠦᠨ ᠠᠴᠠ ᠳᠣᠭᠤᠢ ᠣᠨᠣᠭᠴᠢ ᠬᠠ᠊᠂ ᠡᠩ ᠤᠨ ᠬᠤᠷᠳᠣ ᠪᠠᠷ ᠬᠢᠰᠬᠢᠨ᠂ ᠠ᠊᠂ ᠨᠠ᠊᠂ ᠪᠠ᠊ ᠭᠤᠷᠪᠠ ᠶᠢᠨ ᠡᠮᠦᠨ᠎ᠡ ᠠᠴᠠ ᠬᠡᠳᠦᠨ ᠮᠧᠲᠷ ᠤᠨ ᠵᠠᠢ ᠳᠤ ᠳᠦᠬᠦᠪᠡ᠃ ᠪᠢᠴᠢᠭ   ᠤᠨ  ᠬᠤᠤᠰ  ᠨᠢᠳᠦ ᠪᠠᠷ ᠴᠢᠷᠡᠢ   ᠶᠢ   ᠨᠢ  ᠰᠢᠨᠵᠢᠪᠡᠯ  ᠠᠶᠤᠬᠤ ᠶᠠᠭᠤ ᠶᠢ ᠮᠡᠳᠡᠬᠦ ᠡᠰᠡᠬᠦ ᠶᠢ ᠨᠢ  ᠦᠵᠡᠵᠦ  ᠭᠠᠷᠣᠭᠰᠠᠨ  ᠦᠭᠡᠢ  ᠪᠠᠰᠠ ᠨᠢᠬᠡ  ᠰᠠᠶᠢᠨ ᠡᠷ᠎ᠡ᠃            ᠠ᠊᠂ ᠨᠠ᠊᠂ ᠪᠠ᠊᠂ ᠫᠠ᠊᠂ ᠬᠠ᠊ ᠳᠠᠪᠤᠭᠤᠯᠨ ᠬᠦᠨᠳᠡᠯᠡᠨ ᠵᠢᠷᠣᠭᠠᠰᠣ ᠪᠣᠯᠣᠨ ᠬᠦᠨᠳᠡᠯᠢᠰᠪᠡ᠃ ᠬᠤᠤᠯᠢᠨ ᠶᠡᠭᠡ ᠵᠡᠬᠡᠯᠢ ᠶᠢᠨ ᠳᠣᠭᠤᠢ ᠶᠢᠨ ᠵᠠᠮ ᠢ ᠳᠦᠬᠦᠷᠬᠡᠬᠡᠳ ᠠᠪᠤᠪᠠ᠃ ᠦᠬᠡᠷ᠎ᠡ ᠬᠦᠮᠦᠨ ᠳᠣᠮᠳᠠᠭᠤᠷ ᠨᠢ ᠰᠢᠪᠳᠣᠯᠣᠨ᠎ᠠ ᠬᠡᠪᠡᠯ ᠭᠤᠷᠢ ᠱᠣᠷᠢ ᠪᠠᠨ ᠳᠠᠰᠣ ᠳᠠᠳᠠ ᠭᠡᠵᠤ ᠬᠡᠯᠡᠵᠦ ᠦᠭᠭᠦᠶ᠎ᠡ᠃ ᠫᠠ᠊᠂ ᠬᠠ᠊ ᠬᠤᠶᠠᠷ ᠳᠣᠭᠤᠢ ᠣᠨᠣᠭᠴᠢ ᠨᠢᠬᠡᠨ ᠨᠢᠬᠡᠨ ᠢᠶᠠᠨ ᠬᠦᠩᠭᠡᠬᠡᠨ ᠱᠦᠷᠬᠦᠬᠡᠯᠴᠡᠨ ᠬᠤᠶᠠᠭᠤᠯᠨ ᠢᠶᠠᠨ ᠪᠦᠷ ᠭᠤᠰᠢᠪᠠᠯᠵᠠᠨ ᠠᠪᠤᠭᠠᠳ᠂ ᠵᠡᠬᠦᠨᠰᠢᠯᠡᠬᠦ ᠨᠢ ᠵᠡᠬᠦᠨᠰᠢᠯᠡᠵᠦ ᠪᠠᠷᠠᠭᠤᠨᠰᠢᠯᠠᠬᠤ ᠨᠢ ᠪᠠᠷᠠᠭᠤᠨᠰᠢᠯᠠᠪᠠ᠃ ᠣᠴᠢᠷ ᠬᠠᠴᠠᠷ ᠪᠤᠯᠤᠭ᠎ᠠ ᠦᠭᠡᠢ ᠳᠤ ᠨᠢ ᠵᠠᠮ ᠤᠨ ᠴᠠᠭᠠᠨᠠᠬᠢ ︽ᠵᠠᠮᠢᠶᠠᠨ ᠳᠡᠯᠡᠬᠡᠢ ᠬᠤᠷᠳᠣᠨ ᠬᠤᠭᠤᠯᠠᠨ︾ ᠤ ᠡᠪᠦᠬᠡᠨ ᠵᠠᠩᠭᠤᠶᠢᠳᠠ ᠭᠠ᠊ ᠬᠠᠯᠳᠣ ᠬᠠᠷᠠᠭᠰᠠᠨ ᠢᠶᠠᠨ ᠰᠠᠨᠠᠭ᠎ᠠ ᠨᠢ ᠠᠮᠠᠷᠴᠣ ᠣᠷᠳᠣᠬᠠᠨ ᠨᠢᠬᠡ ᠠᠮᠢᠰᠬᠤᠪᠠ᠃            ᠠ᠊᠂ ᠨᠠ᠊᠂ ᠪᠠ᠊ ᠭᠤᠷᠪᠠ ᠢᠨᠢᠶᠡᠯᠴᠡᠨ ᠬᠠᠨᠢᠶᠠᠯᠴᠠᠨ ᠵᠡᠬᠦᠨᠰᠢᠯᠡᠬᠦ ᠪᠠᠷ ᠢᠶᠠᠨ ᠵᠡᠬᠦᠨᠰᠢᠯᠡᠨ᠎ᠡ᠃            ᠵᠡᠬᠦᠨᠰᠢᠯᠡᠭᠴᠢ ᠫᠠ᠊ ᠳᠡᠮᠡᠢ ᠬᠡᠳᠦᠨ ᠠᠯᠳᠠ ᠶᠠᠪᠣᠭᠰᠠᠨ ᠦᠭᠡᠢ ᠶᠠᠭᠤ ᠪᠤᠳᠣᠭᠰᠠᠨ ᠢ ᠪᠤᠤ ᠮᠡᠳᠡ᠂ ᠳᠣᠭᠤᠢ  ᠶᠢᠨ ᠳᠣᠯᠣᠭᠠᠢ ᠪᠠᠨ ᠵᠠᠭᠤ ᠨᠠᠶᠠᠨ ᠭᠷᠠᠳᠦ᠋ᠰ ᠢᠶᠠᠷ ᠡᠷᠬᠢᠬᠦᠯᠵᠦ᠂ ᠠ᠊᠂ ᠨᠠ᠊᠂ ᠪᠠ᠊ ᠭᠤᠷᠪᠠ ᠶᠢᠨ ᠬᠠᠵᠠᠭᠤ ᠪᠠᠷ ᠪᠠᠷᠠᠭᠤᠨᠰᠢᠯᠠᠭᠴᠢ ᠬᠠ᠊ ᠶᠢᠨ ᠬᠤᠶᠢᠨ᠎ᠠ ᠠᠴᠠ ᠬᠦᠬᠡᠬᠡᠨ ︽ᠡᠴᠢᠬᠡ ᠶᠢᠨ ᠴᠢᠨᠢ᠂ ᠡᠬᠡ ᠶᠢᠨ ᠴᠢᠨᠢ ᠁︾ ᠬᠡᠮᠡᠨ ᠶᠡᠭᠡ ᠳᠠᠭᠤᠨ ᠡᠬᠦᠰᠬᠡᠨ ᠬᠠᠷᠢᠶᠠᠭᠰᠠᠭᠠᠷ ᠰᠦᠷ ᠮᠠᠨᠳᠣᠭᠤᠯᠣᠨ ᠠᠶᠣᠯᠭᠠᠯᠳᠠ ᠶᠢᠨ ᠴᠢᠷᠠᠢ ᠵᠠᠩᠭᠠᠨ᠎ᠠ᠃ ᠳᠡᠷᠨ ᠭᠠᠶᠢᠬᠠᠯ ᠤᠨ ᠬᠠᠷᠠᠭᠰᠠᠨ ᠬᠦᠮᠦᠨ ᠠᠶᠤᠮᠠᠷ ᠰᠦᠷ ᠢ ᠣᠯᠳᠣᠢ ᠪᠢᠴᠢᠬᠡᠴᠢ ᠴᠦ ᠦᠰᠦᠭ ᠪᠢᠴᠢᠭ ᠢᠶᠠᠷ ᠢᠯᠡᠳᠬᠡᠵᠦ ᠶᠠᠳᠠᠵᠤ ᠪᠠᠶᠢᠨ᠎ᠠ᠃            ᠪᠠᠷᠠᠭᠤᠨᠰᠢᠯᠠᠭᠴᠢ ᠬᠠ᠊᠂ ᠠᠷᠣ ᠳᠤ ᠨᠢ ᠳᠣᠭᠤᠯᠳᠠᠭᠰᠠᠨ ᠬᠠᠷᠢᠶᠠᠯ ᠢ ᠰᠣᠨᠣᠰᠣᠭᠠᠳ ᠡᠷᠬᠢᠵᠦ ᠬᠠᠷᠠᠭᠰᠠᠨ ᠴᠢᠨᠢ ᠰᠠᠶ᠋ᠢᠬᠠᠨ ᠤ ᠳᠣᠭᠤᠢ ᠪᠠᠷ ᠱᠦᠷᠬᠦᠬᠡᠯᠴᠡᠭᠰᠡᠨ ᠫᠠ᠊ ᠪᠤᠯᠠᠢ᠃ ᠰᠦᠷ ᠪᠠᠯᠳᠠᠷᠣᠣ ᠲᠠᠢ ᠠᠭᠠᠰᠢᠯᠠᠭᠰᠠᠭᠠᠷ ᠳᠡᠬᠦᠨ  ᠤ ᠡᠰᠡᠷᠬᠦ ᠳᠡᠮᠡᠬᠡᠨ ᠬᠦᠶᠦᠳᠡᠯ ᠤᠨ ᠳᠡᠷᠨ ᠬᠤᠷᠳᠤ ᠪᠠᠷ ᠨᠢᠰᠬᠡᠨ ᠢᠷᠡᠬᠦᠢ᠃            ︽ᠬᠡᠨ ᠢ ᠬᠠᠷᠢᠶᠠᠵᠣ ᠪᠠᠶᠢᠨ᠎ᠠ ᠪᠤᠢ︖ ᠠᠮᠢ ᠪᠠᠨ ᠠᠪᠬᠤ ᠦᠭᠡᠢ ᠶᠤᠮ ᠦᠦ︖︾ ᠬᠡᠭᠰᠡᠬᠡᠷ ᠬᠠ᠊ ᠳᠣᠭᠤᠢ ᠶᠢᠨ ᠳᠣᠯᠣᠭᠠᠢ ᠪᠠᠨ ᠵᠠᠭᠤ ᠨᠠᠶᠠᠨ ᠭᠷᠠᠳᠦ᠋ᠰ ᠢᠶᠠᠷ ᠡᠷᠬᠢᠬᠦᠯᠵᠦ ᠫᠠ᠊ ᠶᠢ ᠣᠭᠳᠣᠨ᠎ᠠ᠃  ᠬᠠᠷᠢᠶᠠᠭᠴᠢ ᠫᠠ᠊᠂ ᠡᠷᠬᠢᠭᠴᠢ ᠬᠠ᠊ ᠶᠢᠨ ᠴᠢᠷᠠᠢ ᠶᠢ ᠰᠢᠷᠳᠡᠬᠦ ᠳᠤ ᠠᠯᠠᠬᠤ ᠠᠭᠤᠷ ᠨᠢᠬᠡ ᠵᠠᠭᠤ ᠨᠠᠶᠠᠨ ᠵᠠᠩ ᠦᠨᠳᠦᠷ ᠮᠠᠨᠳᠣᠭᠰᠠᠨ ᠳᠣᠯᠨ ᠠᠶᠤᠭᠴᠢ ᠫᠠ᠊ ᠬᠤᠪᠢᠷᠠᠵᠤ᠂ ᠳᠣᠭᠤᠢ ᠶᠢᠨ ᠳᠣᠯᠣᠭᠠᠢ ᠪᠠᠨ ᠵᠠᠭᠤ ᠨᠠᠶᠠᠨ ᠭᠷᠠᠳᠦ᠋ᠰ ᠢᠶᠠᠷ ᠡᠷᠬᠢᠬᠦᠯᠵᠦ ᠵᠡᠬᠦᠨᠰᠢ ᠪᠠᠨ ᠴᠢᠨᠡᠭᠡ ᠮᠡᠳᠡᠨ ᠳᠠᠪᠬᠢᠭᠤᠯᠵᠤ ᠭᠤᠳ ᠳᠣᠳᠠᠭᠠᠨ᠎ᠠ᠃            ᠬᠠ᠊᠂ᠫᠠ᠊ ᠶᠢᠨ ᠬᠤᠶᠢᠨ᠎ᠠ ᠠᠴᠠ︽ᠠᠮᠢ ᠶᠢ ᠴᠢᠨᠢ ᠠᠪᠤᠶ᠎ᠠ᠂ ᠡᠪᠦᠭᠡ ᠲᠠᠢ ᠪᠠᠨ ᠬᠠᠯᠳᠠᠬᠤ ‍ᠡᠳᠡᠭ ᠴᠢᠨᠢ ᠁︾ ᠬᠡᠭᠰᠡᠬᠡᠷ ᠠ᠊᠂ ᠨᠠ᠊᠂ ᠪᠠ᠊ ᠭᠤᠷᠪᠠ ᠶᠢᠨ ᠬᠠᠵᠠᠭᠤ ᠪᠠᠷ ᠵᠡᠬᠦᠨᠰᠢᠯᠡᠨ ᠳᠣᠭᠤᠢ ᠪᠠᠨ ᠳᠦᠷᠬᠡᠯᠡᠨ ᠵᠢᠬᠢᠨ᠎ᠠ᠃            ᠡᠪᠦᠬᠡᠨ ᠭᠠ᠊᠂ ᠰᠠᠶ᠋ᠢᠬᠢ ᠬᠡᠷᠡᠭ ᠰᠠᠨᠠᠭᠠᠨ ᠠᠴᠠ ᠨᠢ ᠭᠠᠳᠠᠭᠤᠷ ᠪᠤᠯᠵᠤ ᠦᠭᠭᠦᠭᠡ ᠦᠭᠡᠢ ᠬᠠᠷᠢᠨ ᠱᠠᠯ ᠦᠬᠡᠷ᠎ᠡ ᠪᠠᠷ ᠦᠬᠡᠷᠡᠳᠦᠭᠰᠡᠨ ᠢ ᠮᠦᠨ ᠳᠣᠪ ᠳᠣᠷᠬᠠᠢ ᠣᠯᠵᠣ ᠬᠠᠷᠠᠭᠰᠠᠨ ᠪᠠᠶᠢᠪᠠ᠃            ᠠ᠊᠂ ᠨᠠ᠊᠂ ᠪᠠ᠊ ᠭᠤᠷᠪᠠ ᠢᠨᠢᠶᠡᠯᠴᠡᠨ ᠬᠠᠨᠢᠶᠠᠯᠴᠠᠨ ᠵᠡᠬᠦᠨᠰᠢᠯᠡᠬᠦ ᠪᠠᠷ ᠢᠶᠠᠨ ᠵᠡᠬᠦᠨᠰᠢᠯᠡᠨ᠎ᠡ᠃            ᠦᠯᠢᠬᠡᠷ ᠢ ᠦᠨᠡᠨ ᠭᠡᠵᠤ ᠵᠢᠱᠢᠪᠡᠯ ᠪᠠ᠊ ᠪᠤᠯ ᠣᠯᠳᠣᠢ ᠪᠢᠴᠢᠬᠡᠴᠢ᠂ ᠠ᠊ ᠦᠪᠦᠷ ᠮᠤᠩᠭᠤᠯ ᠤᠨ ᠦᠪᠡᠷᠳᠡᠬᠡᠨ ᠵᠠᠰᠠᠬᠤ ᠣᠷᠣᠨ ᠤ ᠬᠦᠯᠦᠨ ᠪᠤᠶᠢᠷ ᠬᠤᠳᠠᠨ ᠳᠤ᠂ ᠨᠠ᠊ ᠰᠢᠨᠵᠢᠶᠠᠩ ᠤᠨ ᠣᠶᠢᠭᠤᠷ ᠦᠨᠳᠦᠰᠦᠳᠡᠨ ᠤ ᠦᠪᠡᠷᠳᠡᠬᠡᠨ ᠵᠠᠰᠠᠬᠤ ᠣᠷᠣᠨ ᠤ ᠪᠠᠶ᠋ᠬᠠᠭᠤᠤᠯ ᠵᠸᠤ ᠳᠤ ᠠᠵᠢᠯᠯᠠᠵᠤ ᠪᠣᠢ᠃  
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号