ᠮᠠᠨ ᠤ ᠨᠤᠲᠤᠭ ᠲᠤ ︿ᠤᠣᠭᠠᠯ ᠢᠷᠭᠡᠳ﹀ ᠬᠡᠮᠡᠨ ᠰᠠᠭᠰᠠᠭᠤᠷᠠᠵᠦ᠂ ︿ᠬᠠᠷ᠎ᠠ ᠬᠢᠲᠠᠳ ᠮᠠᠨᠠᠶᠢᠬᠢᠨ ᠳᠤ | ᠠᠮᠠᠷᠢᠺᠡ ᠶᠢᠨ ᠬᠠᠷ᠎ᠠ ᠠᠷᠠᠰᠤᠲᠠᠨ ᠰᠢᠭ ᠲᠤᠤᠷ᠎ᠠ ᠪᠠᠶᠢᠷᠢ ᠲᠠᠢ﹀ ᠭᠡᠵᠦ ᠦᠪᠡᠷ ᠢ ᠪᠠᠨ ᠪᠠᠶᠠᠰᠬᠠᠵᠦ ᠶᠠᠪᠤᠲᠠᠭ | ᠬᠡᠲᠦᠨ ᠨᠤᠲᠤᠭ ᠠᠬᠠᠮᠠᠳ ᠪᠠᠶᠢᠲᠠᠭ᠂ ᠬᠠᠷᠢᠨ ᠲᠡᠲᠡ ᠤᠶᠢᠷ᠎ᠠ ᠵᠡᠷᠭᠡᠯᠲᠡᠭᠡ ᠬᠤᠰᠢᠭᠤ ᠪᠠᠷ ᠴᠤ ᠶᠠᠪᠤᠲᠠᠭ ᠦᠭᠡᠢ | ᠪᠠᠶᠢᠲᠠᠭ ᠪᠠᠷ ᠨᠢ ᠲᠠᠲᠠᠨᠦᠰ ᠤᠨ ᠦᠭᠡ ᠶᠢ ᠢᠲᠠᠭᠡᠲᠡᠭᠰᠡᠨ ᠦᠭᠡᠢ ᠪᠠᠶᠢᠲᠠᠭᠮᠠᠨᠢ ᠲᠡᠷᠡ ᠤᠲᠠᠭ᠎ᠠ ᠬᠤᠲᠠ ᠬᠦᠷᠬᠦ | ᠵᠢᠭᠠᠬᠠᠨ ᠠᠶᠠᠨ ᠳᠤ ᠶᠠᠪᠤᠭᠠᠳ ᠱᠠᠯ ᠮᠡᠲᠡᠷᠡᠭᠰᠡᠨ ᠶᠤᠮ᠃ ᠠᠬ᠎ᠠ ᠶᠢᠨ ᠳᠤ ᠶᠠᠪᠤᠨ᠎ᠠ ᠭᠡᠵᠦ ᠠᠭᠠᠷᠤᠭᠤᠯ ᠬᠤᠷᠤᠳ | ᠢᠶᠠᠨ ᠪᠠᠭ᠎ᠠ ᠰᠠᠭ᠎ᠠ ᠪᠤᠭᠴᠤᠯᠠᠵᠦ ᠠᠶᠢᠮᠠᠭ ᠤᠨ ᠬᠤᠲᠠ ᠵᠦᠭ ᠠᠴᠢᠶᠠᠨ ᠤ ᠮᠠᠰᠢᠨ ᠳᠤ ᠠᠴᠢᠭᠲᠠᠨ ᠭᠠᠷᠤᠭᠰᠠᠨ | ᠶᠤᠮ᠃ | ᠵᠠᠮ ᠵᠠᠭᠤᠷ᠎ᠠ ᠵᠤᠭᠤᠰᠤᠨ ᠪᠣᠭᠴᠤ ᠪᠠᠨ ᠯᠡ ᠬᠤᠯᠠᠭᠠᠶᠢᠴᠢ ᠳᠤ ᠠᠯᠲᠠᠬᠤ ᠦᠭᠡᠢ ᠪᠤᠯ ᠪᠤᠯᠴᠢᠬᠠᠬᠤ ᠪᠠᠶᠢᠬ᠎ᠠ | ᠭᠡᠵᠤ ᠰᠠᠨᠠᠭᠠᠨ ᠳᠤ ᠤᠷᠤᠨ ᠶᠠᠪᠤᠲᠠᠭ᠂ ᠨᠢᠭᠡ ᠮᠠᠲᠠᠬᠦ ᠳᠤ ᠡᠭᠡᠯᠵᠢᠨ ᠤ ᠮᠠᠰᠢᠨ ᠬᠡᠳᠦᠨ ᠰᠤᠮᠦ ᠶᠢᠨ ᠦᠷᠲᠡᠭᠡ ᠶᠢ | ᠦᠩᠭᠡᠷᠴᠢᠬᠡᠭᠰᠡᠨ ︿ᠠᠩᠴᠢᠨ ᠭᠤᠤ﹀ ᠭᠡᠬᠦ ᠴᠤᠯ ᠮᠤᠩᠭᠤᠯ ᠨᠡᠷ᠎ᠡ ᠶᠢ ᠮᠡᠨᠢ ︿ᠠᠨ ᠴᠢᠩ ᠬᠦ᠋﹀ ᠪᠠᠷ ᠲᠠᠭᠤᠲᠠᠲᠠᠭ | ᠱᠠᠯ ᠬᠢᠲᠠᠳ ᠤᠨ ᠲᠠᠷᠢᠶᠠᠯᠠᠬᠤ ᠣᠷᠣᠨ ᠢᠶᠠᠷ ᠲᠠᠪᠬᠢᠵᠦ ᠶᠠᠪᠤᠨ᠎ᠠ᠂ | ᠬᠠᠷᠢᠨ ᠡᠨᠡ ᠬᠠᠪᠢ ᠳᠤ ᠬᠠᠶᠠ ᠤᠶᠢᠷᠠᠯᠴᠠᠭ᠎ᠠ ᠮᠤᠩᠭᠤᠯ ᠮᠠᠯᠴᠢᠳ ᠮᠠᠶᠢᠮᠠᠢ ᠱᠤᠤᠮᠠᠢ ᠭᠡᠳ ᠭᠦᠶᠦᠯᠴᠡᠲᠡᠭ | ᠪᠤᠯᠤᠯᠲᠠᠢ ᠬᠡᠳᠦᠨ ᠮᠤᠩᠭᠤᠯ ᠪᠦᠰᠡᠬᠦᠢ ᠰᠠᠶ᠋ᠢᠬᠠᠨ ᠲᠡᠷᠭᠡᠨ ᠳᠤ ᠭᠠᠷᠴᠢᠬᠠᠭᠰᠠᠨ ᠲᠡᠷᠭᠡᠨ ᠤ ᠫᠢᠶᠤᠣ ᠬᠤᠲᠠᠯᠳᠤᠭᠴᠢ | ᠲᠠᠢ ᠬᠠᠮᠢᠭ᠎ᠠ ᠬᠦᠷᠬᠦ ᠡᠨᠡ ᠲᠡᠷᠡ ᠭᠡᠳ ᠤᠶᠢᠯᠠᠭᠠᠯᠴᠠᠬᠤ ᠦᠭᠡᠢ ᠰᠦᠢᠳ ᠪᠤᠯᠤᠨ᠎ᠠ ᠳ᠋ᠠ᠂ ᠫᠢᠶᠤᠤ ᠬᠤᠲᠠᠯᠳᠤᠭᠴᠢ | ᠭᠡᠵᠦ ᠰᠠᠶ᠋ᠢᠬᠠᠨ ᠡᠭᠡᠯᠵᠢ ᠠᠪᠤᠭᠰᠠᠨ ᠲᠤᠭᠰᠢᠨ ᠬᠢᠲᠠᠳ ᠵᠠᠯᠠᠭᠤ ᠮᠤᠩᠭᠤᠯ ᠪᠦᠰᠡᠬᠦᠢ ᠶᠢᠨ ᠴᠤᠯ ᠮᠤᠩᠭᠤᠯᠦᠭᠡ ᠶᠢ | ᠲᠦᠬᠦᠭᠡᠷᠡᠬᠦ ᠶᠠᠩᠵᠦ ᠯᠡ ᠦᠭᠡᠢ ᠪᠦᠷ ᠤᠴᠠᠭᠠᠷᠯᠠᠭᠰᠠᠨ ᠵᠠᠩᠨᠠᠵᠦ ᠪᠠᠷᠬᠢᠷᠠᠵᠤ | ᠬᠠᠷᠢᠨ ᠤᠶᠢᠯᠠᠭᠠᠬᠤ ᠦᠭᠡᠢ ᠪᠠᠴᠢᠮᠲᠠᠬᠤ ᠳ᠋ᠭᠠᠨ ︿ᠬᠦᠮᠦᠨ ᠲᠦᠷᠦᠯᠬᠢᠲᠡᠨ ᠤ ᠦᠭᠡ ᠪᠠᠷ ᠶᠡᠷᠢ︕﹀ | ︿ᠲᠦᠬᠦᠭᠡᠷᠡᠬᠦ ᠦᠭᠡᠢ ᠦᠭᠡ ᠪᠠᠷ ᠲᠤᠲᠠᠭᠤ ᠴᠠᠯᠴᠢ︕﹀ ᠭᠡᠵᠦ ᠬᠢᠲᠠᠳ ᠢᠶᠠᠷ ᠪᠠᠷᠬᠢᠷᠠᠬᠤ ᠶᠢ ᠨᠢ ᠶᠠᠭᠠᠬᠢᠨ᠎ᠠ᠂ | ᠲᠡᠷᠡ ᠪᠦᠰᠡᠬᠦᠢ ᠶᠠᠭᠠᠬᠢᠬᠤ ᠪᠠᠨ ᠤᠯᠬᠤ ᠦᠭᠡᠢ ᠪᠠᠴᠢᠮᠲᠠᠬᠤ ᠳᠠᠭᠠᠨ ᠤᠬᠢᠯᠠᠬᠤ ᠰᠢᠬᠠᠭᠰᠠᠨ᠂ ᠲᠡᠷᠡᠬᠡᠨ | ᠵᠠᠭᠤᠷ᠎ᠠ ᠨᠠᠲᠠᠲᠤ ᠪᠤᠰᠤᠳ ᠢᠶᠠᠷ ᠬᠦᠴᠦᠲᠠᠢ ᠴᠤᠬᠢᠭᠤᠯᠤᠭᠰᠠᠨ ᠰᠢᠭ ᠬᠢᠯᠢᠩ ᠲᠦᠷᠦᠭᠦᠯᠦᠭᠰᠡᠨ ᠪᠤᠰᠤᠭᠠᠳ | ᠲᠡᠷᠡ ᠦᠢᠯᠡᠴᠢᠯᠡᠭᠴᠢ ᠲᠠᠢ ᠶᠤᠰᠤ ᠬᠡᠯᠡᠯᠴᠡᠬᠦ ᠶᠢ ᠵᠠᠪᠲᠤᠭᠰᠠᠨ ᠳᠤ ᠬᠠᠵᠠᠭᠤ ᠲᠠᠬᠢ ᠠᠶᠠᠨᠴᠢᠨ ᠪᠦᠷ ᠯᠡ | ᠬᠢᠲᠠᠳ ᠢᠶᠠᠷ ᠱᠤᠣᠯᠭᠠᠨᠠᠴᠢᠬᠠᠭᠰᠠᠨ ᠲᠡᠲᠦᠶᠢᠬᠡᠨ ᠦᠭᠡ ᠶᠢ ᠲᠦᠬᠦᠭᠡᠷᠡᠬᠦ ᠦᠭᠡᠢ ᠬᠡᠮᠡᠨ ᠱᠤᠭᠯᠠᠨ ᠢᠨᠢᠶᠡᠯᠲᠦᠬᠦ | ᠶᠤᠮ᠂ | ᠮᠡᠲᠡᠲᠡᠭ ᠬᠡᠲᠦᠨ ᠦᠭᠡ ᠪᠠᠷ ᠢᠶᠠᠨ ᠲᠤᠯᠤᠯᠲᠤᠪᠠᠯ ᠨᠤᠲᠤᠭ ᠤᠨ ᠪᠦᠰᠡᠬᠦᠢ ᠶᠢ ᠦᠮᠦᠭᠡᠯᠡᠵᠦ ᠪᠤᠯᠬᠤ | ᠪᠠᠶᠢᠭᠰᠠᠨ ᠴᠤ ᠬᠠᠵᠠᠭᠤᠲᠠᠬᠢ ᠠᠴᠠ ᠬᠢᠲᠠᠳ ᠤᠳ ᠡᠮᠢᠶᠡᠯ ᠲᠦᠷᠦᠵᠦ᠂ᠶᠠᠭ ᠬᠠᠷᠠᠭᠰᠠᠨ ᠦᠭᠡᠢ ᠪᠦᠷ ᠴᠣ᠋ ᠬᠢᠲᠠᠳ | ᠬᠦᠮᠦᠨ ᠢᠶᠠᠷ ᠤᠪᠯᠠᠨ ᠪᠠᠰᠠ ᠤᠨᠲᠠᠭ᠎ᠠ ᠪᠠᠷ ᠤᠪᠯᠠᠨ ᠪᠠᠶᠢᠵᠤ ᠦᠢᠮᠡᠭᠡᠨ ᠶᠢ ᠦᠩᠭᠡᠷᠡᠭᠡᠳ ᠨᠢᠭᠡ ᠬᠠᠷᠠᠬᠤ ᠳᠤ | ᠨᠤᠲᠤᠭ ᠤᠨ ᠪᠦᠰᠡᠬᠦᠢ ᠬᠠᠯᠲᠤᠷᠢᠳᠤᠭᠰᠠᠨ ᠪᠤᠭᠴᠤ ᠪᠠᠨ ᠬᠠᠷᠠᠴᠢᠬᠠᠭᠰᠠᠨ ᠨᠢᠭᠡ ᠪᠤᠯᠤᠩ ᠳᠤ ᠪᠤᠭᠵᠤᠶᠢᠨ | ᠵᠤᠭᠰᠤᠨ᠎ᠠ᠂ | ᠲᠡᠲᠡ ᠬᠤᠶᠠᠷ ᠤᠨ ᠮᠠᠷᠭᠤᠭᠠᠨ ᠢᠩᠬᠢᠭᠡᠳ ᠲᠦᠷ ᠵᠠᠪᠰᠠᠷᠯᠠᠵᠤᠭᠤᠲᠤᠭᠠᠰᠠᠨ ᠲᠡᠷᠡ ᠵᠠᠯᠠᠭᠤ | ᠭᠤᠲᠤᠭᠠᠭᠲᠠᠭᠰᠠᠨ ᠲᠡᠷᠡ ᠪᠦᠰᠡᠬᠦᠢ ᠶᠢᠨ ᠬᠡᠷᠡᠬᠦᠯ ᠨᠢᠭᠡ ᠵᠠᠮ ᠤᠨ ᠱᠤᠭ ᠪᠣᠯᠵᠣ ᠬᠦᠮᠦᠰ ᠢ ᠪᠠᠶᠠᠰᠬᠠᠭᠰᠠᠨ ᠤᠴᠢᠷ | ᠲᠡᠲᠦᠢ ᠯᠡ ᠪᠤᠯᠤᠭᠰᠠᠨ᠂ ᠬᠠᠵᠠᠭᠤ ᠲᠤᠨᠢ ᠰᠠᠭᠤᠭᠰᠠᠨ ᠨᠠᠲᠠᠲᠤ ︿ᠤᠤᠭᠠᠯ ᠢᠷᠭᠡᠳ﹀ ᠤᠨ ᠪᠠᠶᠢᠷᠢ ᠰᠠᠭᠤᠷᠢ ᠮᠠᠨᠢ | ᠡᠶᠢᠮᠦ ᠯᠡ ᠪᠣᠯᠴᠢᠬᠠᠭᠰᠠ᠊ ᠨ ᠲᠡᠷᠡ ᠮᠦᠷᠲᠡᠭᠡᠨ ᠬᠡᠲᠦᠶᠢᠨᠢ ᠡᠶᠢᠮᠦ ᠯᠡ ᠪᠠᠶᠢᠭᠰᠠᠨ ᠭᠡᠵᠦ ᠤᠯᠠᠮ ᠦᠨᠡᠮᠰᠢᠬᠦ | ᠪᠤᠯᠤᠭᠰᠠᠨ᠂ | ᠬᠠᠷᠠᠮᠰᠠᠬᠤ ᠨᠢ ᠬᠠᠯᠲᠤᠷᠢᠰᠢᠬᠠᠭᠰᠠᠨ ᠪᠤᠭᠴᠤ ᠲᠠᠢ ᠲᠠᠷᠡ ᠪᠦᠰᠡᠬᠦᠢ ᠶᠢ ᠦᠮᠦᠭᠡᠷᠡᠵᠦ ᠮᠣᠩᠭᠤᠯ ᠬᠦᠮᠦᠨ ᠤ | ᠡᠷᠬᠡ ᠠᠰᠢᠭ ᠢᠶᠠᠨ ᠬᠠᠮᠠᠭᠠᠯᠠᠪᠠᠯ ᠵᠤᠬᠢᠬᠤ ᠪᠠᠶᠢᠭᠰᠠᠨ᠂ ᠠᠭᠤᠴᠢᠯᠠᠭᠠᠷᠠᠢ ᠮᠤᠩᠭᠤᠯ ᠪᠦᠰᠡᠬᠦᠢ︕ ᠦᠪᠡᠷ ᠢᠶᠠᠨ | ᠵᠠᠰᠠᠬᠤ ᠨᠤᠲᠤᠭ ᠲᠠᠭᠠᠨ ᠦᠷᠦᠭᠡᠯ ᠢᠶᠠᠷ ᠲᠤᠷᠤᠮᠵᠢᠯᠠᠭᠤᠯᠵᠤ ᠶᠠᠪᠤᠬᠤ ᠪᠤᠯᠤᠭᠰᠠᠨ ᠮᠠᠨᠢ ᠬᠡᠨ ᠤ ᠬᠠᠷᠢᠭᠤᠴᠢᠯᠭ᠎ᠠ | ᠪᠠᠶᠢᠬᠤ ᠶᠢ ᠬᠤᠶᠢᠰᠢ ᠲᠡᠤᠬᠡ ᠪᠢᠴᠢᠭᠴᠢᠳ ᠮᠡᠲᠡᠬᠦ ᠪᠠᠶᠢᠬ᠎ᠠ︕ ᠠᠭᠤᠴᠢᠯᠠᠭᠠᠷᠠᠢ ᠦᠴᠦᠬᠡᠨ ᠴᠤ ᠴᠢᠲᠠᠯ ᠦᠭᠡᠢ | ᠨᠠᠮᠠᠶᠢᠢ ᠪᠠᠨ︕ ︿︿ᠬᠦᠮᠦᠨ ᠲᠦᠷᠦᠯᠬᠢᠲᠡᠨ ᠤ ᠦᠭᠡ﹀﹀ ᠪᠠᠷ ᠨᠢ ᠶᠠᠷᠢᠵᠤ ᠪᠠᠶᠢᠭᠠᠷᠠᠢ︕ ᠦᠭᠡᠷ᠎ᠡ ᠶᠠᠭᠠᠬᠢᠲᠠᠭ | ᠪᠢᠯᠡ︕ |