ᠥᠪᠡᠷ ᠲᠠᠢ ᠪᠠᠨ ᠬᠥᠷᠨᠢᠯᠳᠤᠬᠦᠢ 23
ᠨᠡᠶᠢᠲᠡᠯᠡᠭᠰᠡᠨ ᠴᠠᠭ᠄
2025/2/15
      ᠨᠢᠯᠪᠤᠰᠤ ᠬᠡᠨᠡᠳᠳᠡ ᠬᠠᠯᠬᠢᠯᠠᠬᠰᠠᠨ ᠢᠶᠠᠨ ᠤᠬᠤᠴᠢᠯᠠᠵᠤ ᠥᠪᠡᠷ ᠠᠴᠠ ᠪᠠᠨ ᠠᠰᠠᠭᠤᠭ᠎ᠠ ᠦᠭᠡᠢ              ᠨᠠᠪᠴᠢᠨ ᠲᠡᠭᠡᠷ᠎ᠡ ᠲᠤᠬᠳᠠᠬᠰᠠᠨ  ᠰᠢᠬᠦᠳᠡᠷᠢ  ᠶᠢᠨ  ᠮᠥᠬᠦᠯᠢᠭ   ᠢ ᠥᠷᠬᠦᠭᠡᠵᠤ  ᠶᠠᠭᠤᠨ ᠳᠤ ᠰᠤᠴᠢᠭᠠᠬᠤ ᠪᠤᠢ               ᠴᠯᠡᠭᠡᠷ ᠨᠤᠭᠤᠭᠠᠨ ᠨᠠᠪᠴᠢᠨ ᠤ ᠥᠷᠯᠥᠭᠡ ᠶᠢ ᠨᠠᠷᠠᠨ ᠤ ᠰᠠᠴᠤᠷᠠᠭ ᠢᠶᠠᠷ ᠰᠥᠯᠡᠵᠤ ᠢᠪᠡᠭᠡᠭᠡᠳ ᠨᠠᠳᠠ ᠳᠤ ᠲᠥᠷᠥᠭᠳᠡᠭᠰᠡᠨ ᠡᠶᠢᠮᠤ ᠯᠡ ᠵᠢᠭᠠᠬᠠᠨ         ᠰᠡᠳᠬᠢᠯᠭᠡ ᠪᠠᠨ ᠬᠢᠮᠠᠭᠠᠳᠠᠨ ᠲᠠᠪᠠᠷᠢᠵᠤ ᠠᠪᠤᠭᠠᠳ ᠠᠯᠤᠰ ᠲᠤᠷᠤᠨ᠎ᠠ ᠲᠡᠶᠢᠰᠢ ᠰᠢᠪᠠᠭᠤᠳ ᠢ ᠲᠠᠭᠠᠭᠤᠯᠤᠨ ᠨᠢᠰᠭᠡᠮᠡᠷ             ᠨᠠᠶᠢᠷᠠᠭ ᠪᠢᠰᠢ ᠵᠥᠪᠭᠡᠨ ᠰᠡᠮᠡᠷᠡᠵᠤ ᠪᠠᠷᠠᠬᠳᠠᠬᠰᠠᠨ ᠰᠡᠳᠬᠢᠯ ᠢᠶᠠᠨ ᠬᠡᠯᠬᠢᠵᠤ ᠲᠡᠭᠷᠢ ᠤᠬᠳᠠᠷᠭᠤᠢ ᠵᠥᠭ ᠬᠠᠨᠳᠤᠨ ᠭᠠᠩᠰᠠᠷᠠᠯᠳᠠᠢ ᠰᠡᠬᠦᠷᠡᠰᠥᠯᠡᠭᠰᠡᠨ ᠪᠢᠯᠡ             ᠨᠠᠮ᠎ᠠ ᠶᠢ ᠤᠩᠰᠢᠵᠤ ᠪᠠᠶᠢᠬᠰᠠᠨ ᠢᠶᠠᠷ ᠲᠥᠰᠥᠭᠡᠯᠡᠵᠤ ᠪᠤᠳᠤᠬᠤ ᠪᠥᠷᠢ ᠨᠢᠯᠪᠤᠰᠤ ᠬᠡᠨᠡᠳᠳᠡ ᠬᠠᠯᠬᠢᠯᠠᠬᠰᠠᠨ ᠢ ᠨᠠᠳᠠ ᠠᠴᠠ ᠤᠨᠳᠤᠤ ᠬᠡᠨ ᠴᠦ ᠮᠡᠳᠡᠭᠰᠡᠨ ᠦᠭᠡᠢ ᠨᠢ ᠶᠠᠭᠤᠳᠠᠢ ᠠᠵᠠ              ᠠᠯᠠᠭᠠᠨ ᠲᠡᠭᠡᠬᠦᠷ ᠤᠷᠤᠰᠤᠨ ᠤᠳᠬᠤ ᠴᠠᠭ ᠮᠥᠴᠠ ᠲᠠᠢ ᠠᠳᠠᠯᠢᠬᠠᠨ ᠠᠯᠬᠤᠭ᠎ᠠ ᠶᠢ ᠴᠢᠨᠢ ᠲᠤᠭᠠᠯᠠᠵᠤ ᠬᠤᠴᠤᠷᠤᠨ᠎ᠠ              ᠠᠬᠢᠭᠠᠳ ᠪᠢᠳᠡ ᠡᠨᠡ ᠴᠡᠭ ᠲᠡᠭᠡᠷ᠎ᠡ ᠠᠭᠤᠯᠵᠠᠬᠤ ᠦᠭᠡᠢ              ᠠᠮᠢᠳᠤᠷᠠᠯ ᠪᠢᠳᠡᠨ ᠳᠤ ᠠᠳᠠᠯᠢᠬᠠᠨ ᠥᠵᠡᠭᠳᠡᠯ ᠢ ᠲᠠᠪᠳᠠᠭᠤᠯᠬᠤ ᠦᠭᠡᠢ              ᠤᠳᠠᠯ ᠦᠭᠡᠢ ᠴᠢᠨᠤ ᠲᠠᠭᠤ ᠬᠠᠳᠠᠪᠴᠢᠨ ᠤ ᠴᠠᠭᠠᠨ᠎ᠠ ᠤᠳᠤᠨ᠎ᠠ              ᠪᠥᠬᠦ ᠶᠠᠭᠤᠮ᠎ᠠ ᠪᠠᠯᠠᠷᠠᠵᠤ ᠤᠰᠠᠳᠤᠨ᠎ᠠ ᠪᠠᠰᠠ ᠮᠠᠷᠳᠠᠬᠳᠠᠨ ᠠᠷᠢᠯᠤᠨ᠎ᠠ              ᠥᠴᠥᠭᠡᠳᠤᠷ ᠰᠥᠨᠢ ᠶᠢᠨ ᠪᠤᠷᠤᠭᠠᠨ ᠨᠠᠪᠴᠢᠰ ᠪᠤᠯᠭᠠᠨ ᠲᠡᠭᠡᠷ᠎ᠡ ᠨᠠᠶᠢᠷᠠᠭ ᠪᠢᠴᠢᠭᠡᠳ ᠶᠠᠪᠤᠴᠢᠬᠠᠬᠰᠠᠨ ᠶᠠᠮᠠᠷ ᠭᠤᠶᠤᠬᠠᠨ ᠲᠠᠶᠢᠳᠬᠤᠷᠠᠯ ᠪᠤᠢ                 ᠨᠢᠯᠪᠤᠰᠤ ᠲᠡᠬᠦᠨ ᠤ ᠥᠷᠬᠦᠯᠵᠢᠯᠡᠯ ᠪᠠᠶᠢᠬᠰᠠᠨ ᠪᠤᠯ ᠨᠢᠭᠤᠵᠤ ᠶᠠᠭᠤᠨ ᠳᠤ ᠢᠴᠢᠩᠬᠦᠷᠡᠨᠡᠮ  
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号