ᠵᠤᠬᠢᠶᠠᠬᠴᠢ᠄ ᠦᠪᠤᠷ ᠮᠤᠩᠭᠤᠯ᠂ ᠬᠤᠷᠴᠢᠨ᠂ ᠸ᠊ ᠠᠭᠤᠯᠠ | ᠬᠤᠶᠢᠳᠤ ᠲᠠᠯ᠎ᠠ ᠶᠢᠨ ᠠᠮᠠᠨ ᠬᠦᠨᠳᠡᠢ ᠪᠠᠷ | ᠬᠠᠶᠢᠷᠠᠬᠠᠨ ᠪᠡᠯᠴᠢᠭᠡᠷ ᠬᠠᠯᠢᠭᠤᠷᠠᠨ᠎ᠠ︕ | ᠬᠠᠳᠤᠯᠠᠩ ᠤᠨ ᠨᠤᠭᠤᠭᠠᠨ ᠡᠪᠡᠰᠦᠨ ᠲᠡᠭᠡᠭᠦᠷ | ᠬᠠᠶᠢᠷ᠎ᠠ ᠶᠢᠨ ᠤᠨᠢᠶᠠᠷ ᠬᠦᠳᠡᠩ ᠲᠠᠳᠠᠨ᠎ᠠ︕ | ᠡᠴᠢᠭᠡ ᠶᠢᠨ ᠮᠠᠯ ᠤᠨ ᠵᠤᠰᠠᠭᠠᠯ ᠢᠶᠠᠷ | ᠦᠩᠭᠡᠷᠡᠭᠰᠡᠨ ᠦᠯᠢᠭᠡᠷ ᠤᠳ ᠡᠷᠢᠭᠳᠡᠨ᠎ᠡ︕ | ᠡᠪ ᠲᠠᠢ ᠵᠢᠭᠠᠯ ᠬᠠᠯᠵᠠᠨ ᠮᠠᠨᠢ | ᠦᠪᠡᠷ ᠤᠨ ᠡᠷᠬᠡ ᠦᠭᠡᠢ ᠲᠤᠳᠤᠷᠠᠨ᠎ᠠ︕ | ᠠᠭᠤᠥ ᠲᠡᠥᠬᠡ ᠪᠠᠨ ᠮᠦᠩᠬᠡ ᠤᠯᠠᠮᠵᠢᠯᠠᠭᠰᠠᠨ | ᠠᠯᠠᠭ ᠪᠤᠬ᠎ᠠ ᠶᠢᠨ ᠲᠠᠯ᠎ᠠ ᠤᠭᠳᠤᠨ᠎ᠠ︕ | ᠤᠨᠠᠭᠰᠠᠨ ᠰᠢᠷᠤᠢ ᠤᠥᠭᠠᠯ ᠪᠠᠶᠢᠰᠢᠩᠳᠦ | ᠤᠬᠭᠠᠨ ᠦᠭᠡᠢ ᠨᠠᠳᠠ ᠪᠠᠨ ᠦᠭᠡᠶᠢᠯᠡᠪᠡᠥ︖ | ᠤᠶᠠᠬᠠᠨ ᠰᠠᠨᠠᠭᠳᠠᠬᠤ ᠤᠰᠤ ᠰᠢᠷᠤᠢ | ᠤᠰᠤᠨ ᠲᠡᠨᠡᠭ ᠬᠦᠥ ᠪᠠᠨ ᠰᠠᠨᠠᠪᠠᠥ︖ | ᠪᠠᠭ᠎ᠠ ᠶᠢᠨ ᠮᠦᠷ ᠲᠤᠷᠠᠶᠢᠭᠰᠠᠨ | ᠪᠢᠴᠢᠭᠳᠦ ᠶᠢᠨ ᠲᠠᠯ᠎ᠠ ᠮᠠᠨᠢ ᠰᠠᠶᠢᠨ ᠤᠤ︖ | ᠵᠦᠢᠯ ᠤᠨ ᠤᠷᠭᠤᠮᠠᠯ ᠬᠠᠯᠢᠭᠤᠷᠠᠭᠰᠠᠨ | ᠵᠢᠯᠠᠭ᠎ᠠ ᠶᠢᠨ ᠠᠯᠠᠭ ᠮᠠᠨᠢ ᠮᠡᠨᠳᠦ ᠤᠤ︖ | ᠦᠪᠡᠷ ᠤᠨ ᠪᠡᠶ᠎ᠡ ᠶᠢ ᠤᠬᠢᠶᠠᠭᠰᠠᠨ | ᠨᠠᠷᠢᠨ ᠭᠤᠥᠯ ᠮᠠᠨᠢ ᠶᠠᠳᠠᠷᠠᠪᠠᠥ︖ | ᠠᠯᠠᠭᠳᠠᠭ᠎ᠠ ᠲᠡᠭᠡᠭᠡᠯᠡᠨ ᠭᠦᠶᠦᠳᠡᠭ | ᠡᠮᠦᠨ᠎ᠡ ᠴᠠᠭᠠᠨ ᠮᠠᠩᠬ᠎ᠠ ᠰᠠᠶᠢᠨ ᠤᠤ︖ | ᠲᠦᠷᠦᠭᠰᠡᠨ ᠨᠤᠳᠤᠭ ᠲᠠᠨ ᠢᠶᠠᠨ ᠦᠭᠡᠶᠢᠯᠡᠭᠡᠳ | ᠲᠦᠴᠢᠨ ᠵᠢᠯ ᠤᠨ ᠤᠢ ᠪᠤᠯᠤᠭᠰᠠᠨ ᠶᠤᠮ︕ | ᠲᠦᠮᠡᠨ ᠤ ᠭᠠᠵᠠᠷ ᠠᠵᠢᠯᠯᠠᠭᠠᠳ | ᠲᠦᠭᠰᠢᠬᠦ ᠵᠢᠷᠦᠬᠡᠨ ᠳᠤ ᠲᠠ ᠪᠠᠶᠢᠭᠰᠠᠨ ᠶᠤᠮ︕ | ᠠᠵᠤ ᠠᠮᠢᠳᠤᠷᠠᠯ ᠤᠨ ᠠᠩᠬᠠᠨ ᠤ ᠬᠠᠭᠤᠳᠠᠰᠤ | ᠠᠳᠡ ᠠᠴᠠ ᠡᠬᠢᠯᠡᠨ ᠪᠢᠴᠢᠭᠳᠡᠭᠰᠡᠨ ᠶᠤᠮ︕ | ᠤᠷᠴᠢᠯᠠᠩ ᠶᠢᠷᠳᠢᠨᠴᠦ ᠶᠢᠨ ᠦᠨᠡᠨ ᠰᠡᠳᠦᠪ | ᠦᠷᠭᠡᠨ ᠬᠡᠪᠡᠯᠢ ᠳᠤ ᠴᠢᠨᠢ ᠪᠠᠶᠢᠭᠰᠠᠨ ᠶᠤᠮ︕ | ᠲᠠᠩᠭᠢᠯ ᠵᠠᠯᠠᠭᠤ ᠨᠠᠰᠤᠨ ᠤ ᠬᠠᠪᠤᠷ ᠤᠨ | ᠲᠠᠮᠢᠷ ᠰᠢᠨᠳᠠᠰᠤ ᠶᠢ ᠰᠤᠷᠢᠭᠰᠠᠨ ᠪᠢᠯᠡ︕ | ᠬᠠᠷᠢ ᠭᠠᠵᠠᠷ ᠠᠵᠢᠯᠯᠠᠵᠤ ᠰᠤᠷᠤᠯᠴᠠᠭᠰᠠᠨ ᠴᠤ | ᠬᠢᠮᠠᠭᠠᠳᠠᠨ ᠲᠤᠷᠠᠰᠬᠤ ᠨᠢ ᠬᠡᠴᠡᠭᠦᠥ ᠪᠢᠯᠡ︕ | ᠨᠤᠭᠤᠭᠠᠨ ᠲᠠᠯ᠎ᠠ ᠲᠠᠢ ᠮᠢᠨᠦ ᠨᠤᠳᠤᠭ | ᠨᠤᠷ᠎ᠠ ᠡᠯᠡᠰᠦ ᠨᠢ ᠴᠤ ᠡᠷᠳᠡᠨᠢ ᠪᠢᠯᠡ︕ | ᠨᠤᠳᠤᠭ ᠤᠨ ᠬᠦᠮᠦᠰ ᠤᠨ ᠠᠷᠠᠨᠰᠢᠨ | ᠨᠡᠩᠳᠡ ᠨᠠᠳᠠ ᠳᠤ ᠪᠠᠨ ᠲᠦᠰᠢᠭ ᠪᠢᠯᠡ︕ | ᠰᠤᠭᠤ ᠨᠠᠰᠤ ᠶᠢ ᠲᠠᠪᠳᠠᠨ ᠪᠤᠯᠪᠠᠰᠤᠷᠠᠭᠤᠯᠤᠭᠰᠠᠨ | ᠰᠤᠳᠤᠨ ᠰᠠᠶᠢᠬᠠᠨ ᠮᠢᠨᠦ ᠨᠤᠳᠤᠭ ᠡ︕ | ᠰᠦᠷ ᠲᠠᠢ ᠲᠠᠨ ᠤ ᠠᠭᠤᠥ ᠰᠦᠯᠳᠡ ᠶᠢ | ᠰᠦᠨ ᠰᠡᠳᠭᠢᠯ ᠢᠶᠠᠷ ᠰᠡᠷᠵᠢᠮᠯᠡᠨ ᠮᠢᠯᠢᠶᠠᠶ᠎ᠠ︕ | | |