ᠵᠡᠭᠦᠳᠦᠨ ᠴᠡᠩᠭᠡᠷ ᠬᠦᠳᠡᠭᠡ
ᠨᠡᠶᠢᠲᠡᠯᠡᠭᠰᠡᠨ ᠴᠠᠭ᠄
2020/9/28
     ᠵᠤᠬᠢᠶᠠᠬᠴᠢ᠄  ᠬᠢᠩᠭᠠᠨ᠂ ᠲᠦᠰᠢᠶᠡᠳᠦ᠂ ᠬᠢᠶᠠᠨ ᠠᠵᠢᠨᠠᠢ      ᠠᠳᠦᠭᠤᠨ ᠤ ᠦᠥᠷᠰᠡᠬᠡᠨ ᠳᠤ ᠲᠡᠨᠡᠶᠢᠷᠡᠬᠦ ᠵᠣᠰᠭᠠᠯ ᠤᠨ ᠦᠷᠯᠦᠬᠡ ᠴᠡᠩᠭᠡᠷ        ᠠᠶ᠎ᠠ ᠲᠠᠭᠤᠨ ᠳᠤ ᠵᠢᠷᠭᠠᠬᠤ ᠬᠠᠳᠣᠯᠠᠩ ᠤᠨ ᠪᠦᠷᠦᠢ ᠴᠡᠩᠭᠡᠷ        ᠠᠯᠳᠠᠩᠬᠠᠨ ᠵᠢᠷᠭᠠᠯ ᠳᠤ ᠪᠦᠦᠪᠠᠶᠢᠯᠠᠭᠳᠠᠬᠤ ᠠᠵᠠ ᠶᠢᠨ ᠨᠣᠳᠤᠭ ᠴᠡᠩᠭᠡᠷ        ᠠᠰᠢᠳᠠ ᠦᠨᠢ ᠬᠡᠶᠢᠮᠣᠷᠢᠯᠠᠬᠤ ᠭᠤᠯᠣᠮᠳᠠ ᠶᠢᠨ ᠰᠦᠯᠳᠡ ᠴᠡᠩᠭᠡᠷ                ᠨᠠᠷᠠᠨ ᠤ ᠤᠶᠠᠬᠠᠨ ᠦᠨᠦᠰᠦᠯᠳᠡ ᠳᠤ ᠲᠡᠭᠷᠢ ᠶᠢᠨ ᠬᠤᠷᠮᠣᠢ ᠴᠡᠩᠭᠡᠷ        ᠨᠠᠪᠴᠢᠨ ᠤ ᠲᠣᠷᠭᠠᠨ ᠢᠯᠪᠢᠯᠲᠡ ᠳᠤ ᠭᠠᠵᠠᠷ ᠤᠨ ᠡᠯᠢᠬᠡ ᠴᠡᠩᠭᠡᠷ        ᠡᠪᠡᠰᠦ ᠬᠤᠯᠣᠰᠣᠨ ᠤ ᠨᠠᠶᠢᠭᠤᠭᠠᠨ ᠳᠤ ᠣᠰᠣᠨ ᠤ ᠰᠣᠨᠣᠷ ᠴᠡᠩᠭᠡᠷ        ᠣᠢ ᠲᠠᠶᠢᠭ᠎ᠠ ᠶᠢᠨ ᠪᠠᠭᠰᠢᠷᠭᠠᠨ ᠳᠤ ᠠᠭᠤᠯᠠᠰ ᠤᠨ ᠪᠣᠳᠣᠯ ᠴᠡᠩᠭᠡᠷ                ᠰᠡᠷᠮᠡᠭᠦᠨ ᠲᠡᠨᠵᠢᠨ ᠳᠤ ᠭᠠᠩᠬᠤᠭ᠎ᠠ ᠴᠠᠬᠢᠯᠳᠠᠭ ᠤᠨ ᠴᠡᠴᠡᠭ ᠴᠡᠩᠭᠡᠷ        ᠰᠦᠷᠦᠭ ᠤᠨ ᠵᠠᠬ᠎ᠠ ᠪᠠᠷ ᠱᠤᠭᠰᠢᠬᠤ ᠰᠠᠯᠬᠢᠨ ᠭᠦᠶᠦᠳᠡᠯ ᠴᠡᠩᠭᠡᠷ        ᠰᠢᠯᠢ ᠬᠠᠩᠭᠠᠢ ᠳᠠᠭᠠᠨ ᠵᠦᠰᠡᠷᠡᠬᠦ ᠪᠣᠷᠣᠭᠠᠨ ᠤ ᠵᠠᠬᠢᠶ᠎ᠠ ᠴᠡᠩᠭᠡᠷ        ᠰᠣᠳᠣᠨ ᠪᠠᠶᠢᠭᠠᠯᠢ ᠳᠠᠭᠠᠨ ᠵᠢᠷᠬᠢᠬᠦ ᠭᠤᠯᠢᠶ᠎ᠠ ᠶᠢᠨ ᠲᠠᠭᠤᠨ ᠴᠡᠩᠭᠡᠷ                ᠲᠣᠭᠤᠨᠣ ᠠᠴᠠ ᠰᠣᠭᠤᠨᠠᠭᠯᠠᠬᠤ ᠠᠷᠭᠠᠯ ᠤᠨ ᠣᠳᠤᠭ᠎ᠠ ᠴᠡᠩᠭᠡᠷ        ᠲᠣᠯᠭ᠎ᠠ ᠠᠴᠠ ᠲᠦᠷᠡᠯᠵᠡᠬᠦ ᠭᠠᠯ ᠤᠨ ᠰᠣᠷ ᠴᠡᠩᠭᠡᠷ        ᠲᠣᠭᠤᠯ ᠤᠨ ᠵᠡᠯᠡᠨ ᠠᠴᠠ ᠦᠨᠳᠡᠶᠢᠬᠦ ᠬᠤᠨᠤᠭ ᠤᠨ ᠮᠠᠨᠠᠨ ᠴᠡᠩᠭᠡᠷ          ᠲᠣᠯᠣᠭᠠᠳ ᠤᠨ ᠴᠭᠠᠨ᠎ᠠ ᠠᠴᠠ ᠪᠣᠰᠬᠤ ᠦᠷᠯᠦᠬᠡ ᠶᠢᠨ ᠦᠨᠢᠶᠡᠷ ᠴᠡᠩᠭᠡᠷ                ᠡᠮᠡᠭᠡ ᠶᠢᠨ ᠤᠷᠠᠯᠠᠵᠣ ᠣᠶᠣᠭᠰᠠᠨ ᠲᠡᠷᠯᠢᠭ ᠤᠨ ᠡᠮᠵᠢᠶᠡᠷᠢ ᠴᠡᠩᠭᠡᠷ        ᠡᠵᠢ ᠶᠢᠨ ᠡᠰᠡᠬᠡᠵᠣ ᠱᠠᠭᠯᠠᠭᠰᠠᠨ ᠭᠤᠳᠣᠯ ᠤᠨ ᠬᠠᠪᠴᠢᠶᠠᠷᠢ ᠴᠩᠭᠡᠷ        ᠠᠶᠢᠯ ᠤᠨ ᠰᠣᠷᠭᠠᠭᠤᠯᠢ ᠴᠢᠭᠯᠡᠭᠰᠡᠨ ᠲᠠᠯ᠎ᠠ ᠶᠢᠨ ᠵᠦᠷᠢᠭ ᠴᠡᠩᠭᠡᠷ        ᠠᠩᠬ᠎ᠠ ᠦᠰᠦᠭᠯᠡᠵᠦ ᠰᠣᠷᠣᠭᠰᠠᠨ ᠠᠪᠢᠶᠠᠨ ᠬᠡᠯᠡ ᠴᠩᠭᠡᠷ                ᠰᠠᠶᠢᠨ ᠰᠠᠶᠢᠬᠠᠨ ᠤ ᠮᠡᠨᠳᠦᠴᠢᠯᠡᠯ ᠳᠤ ᠬᠠᠳᠠᠭ ᠤᠨ ᠦᠩᠭᠡ ᠴᠡᠩᠭᠡᠷ        ᠰᠠᠨᠠᠵᠣ ᠦᠬᠡᠶᠢᠯᠡᠬᠦ ᠶᠢᠨ ᠠᠯᠣᠰ ᠲᠤ ᠨᠣᠳᠤᠭ ᠴᠢᠯᠠᠭᠤ ᠴᠡᠩᠭᠡᠷ        ᠰᠠᠷᠠᠪᠴᠢᠯᠠᠵᠣ ᠬᠦᠯᠢᠶᠡᠬᠦ ᠶᠢᠨ ᠦᠷᠲᠡᠭᠡᠨ ᠳᠤ ᠰᠡᠳᠭᠢᠯ ᠡᠷᠬᠢ ᠴᠡᠩᠭᠡᠷ        ᠰᠠᠯᠠᠵᠣ ᠶᠠᠳᠠᠬᠤ ᠶᠢᠨ ᠣᠶᠠᠷᠠᠯ ᠳᠤ ᠵᠡᠭᠦᠳᠦᠨ ᠤ ᠮᠦᠷᠦᠭᠡᠳᠦᠯ ᠴᠡᠩᠭᠡᠷ
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号