ᠵᠤᠬᠢᠶᠠᠬᠴᠢ᠄ ᠸ᠊ ᠠᠭᠤᠯᠠ | ᠡᠷᠳᠡ ᠤᠷᠢᠳᠤ ᠴᠠᠭ ᠲᠤ ᠮᠡᠨᠳᠤ ᠭᠡᠳᠡᠭ ᠬᠦᠮᠦᠨ ᠠᠭᠤᠯᠠ ᠶᠢ ᠳᠠᠪᠠᠨ ᠤᠰᠤ ᠶᠢ ᠬᠡᠳᠦᠯᠦᠨ ᠤᠳᠠᠢ ᠶᠢ | ᠴᠢᠭᠯᠡᠨ ᠶᠠᠪᠤᠭᠰᠠᠭᠠᠷ ᠪᠠᠶᠢᠯ᠎ᠠ᠃ ᠳᠡᠬᠦᠨ ᠤ ᠪᠡᠶ᠎ᠠ ᠬᠡᠳᠤᠨ ᠵᠢᠯ ᠤᠨ ᠳᠤᠷᠰᠢ ᠬᠦᠨᠳᠦ ᠡᠪᠡᠳᠴᠢᠨ ᠳᠤ ᠨᠡᠷᠪᠡᠭᠳᠡᠵᠦ | ᠦᠨᠦ ᠠᠷᠠᠢ ᠢᠯᠡᠷᠢ ᠪᠤᠯᠤᠭᠰᠠᠨ ᠪᠤᠯᠪᠠᠴᠤ ᠠᠵᠤ ᠠᠮᠢᠳᠤᠷᠠᠯ ᠤᠨ ᠳᠠᠯ᠎ᠠ ᠪᠠᠷ ᠭᠠᠴᠢᠭ ᠲᠦᠪᠡᠭ ᠪᠤᠯᠵᠤ᠂ ᠪᠤᠰᠤᠳ | ᠠᠴᠠ ᠰᠤᠨᠤᠰᠤᠬᠤᠯᠠᠷ ︽ᠤᠳᠠᠢ ᠳᠤ ᠬᠦᠷᠴᠤ ᠪᠤᠷᠬᠠᠨ ᠳᠤ ᠮᠦᠷᠬᠦᠯ ᠬᠢᠪᠡᠯ ᠰᠠᠶᠢᠨ︾ ᠬᠡᠮᠡᠭᠰᠡᠨ ᠳᠤᠯᠠ ᠤᠳᠠᠢ | ᠠᠭᠤᠯᠠ ᠶᠢ ᠴᠢᠭᠯᠡᠨ ᠶᠠᠪᠤᠭ᠎ᠠ ᠨᠢ ᠡᠨᠡ ᠪᠢᠯᠡ᠃ ᠵᠤᠨ ᠤ ᠪᠦᠭᠴᠢᠮ ᠬᠠᠯᠠᠭᠤᠨ ᠡᠳᠤᠷ ᠪᠦᠬᠡᠳ ᠦᠤᠷ ᠤᠨ ᠬᠡᠬᠡ | ᠪᠠᠷ ᠡᠷᠳᠡᠯᠡᠨ ᠪᠤᠰᠴᠤ ᠶᠠᠪᠤᠭᠰᠠᠭᠠᠷ ᠪᠠᠶᠢᠵᠦ ᠦᠪᠴᠢ ᠪᠡᠶ᠎ᠠ ᠶᠠᠳᠠᠷᠠᠵᠤ᠂ ᠤᠷᠤᠭᠰᠢ ᠪᠠᠨ ᠶᠠᠪᠤᠬᠤ ᠳᠤ ᠳᠠᠮᠢᠷ | ᠳᠡᠩᠭᠡᠭᠡ ᠮᠠᠭᠤᠵᠢᠷᠠᠭᠰᠠᠨ ᠳᠤᠯᠠ ᠨᠢᠬᠡᠨ ᠳᠤᠬᠢᠯᠢᠭ ᠭᠠᠵᠠᠷ ᠤᠯᠵᠤ ᠪᠡᠶ᠎ᠠ ᠠᠮᠠᠷᠠᠬᠤ ᠪᠠᠷ ᠪᠤᠯᠪᠠ᠃ ᠳᠡᠮᠡᠢ ᠤᠳᠠᠯ | ᠦᠭᠡᠢ ᠳᠡᠷᠡ ᠦᠷᠬᠡᠨ ᠠᠭᠤᠳᠠᠮ ᠪᠢᠴᠢᠭᠳᠦ ᠶᠢᠨ ᠳᠠᠯ᠎ᠠ ᠶᠢᠨ ᠪᠠᠷᠠᠭᠤᠨ ᠬᠤᠶᠢᠳᠤ ᠪᠤᠯᠤᠩ ᠤᠨ ᠮᠠᠩᠬᠠᠨ ᠤ ᠰᠢᠷ᠎ᠠ | ᠵᠠᠮ ᠤᠨ ᠬᠠᠵᠠᠭᠤ ᠳᠤ ᠭᠤᠷᠴᠢᠬᠢᠨᠠᠨ ᠤᠷᠤᠰᠴᠤ ᠪᠦᠬᠦᠢ ᠰᠢᠷ᠎ᠠ ᠪᠤᠯᠠᠭ ᠤᠨ ᠬᠦᠪᠡᠬᠡᠨᠠ ᠢᠷᠡᠪᠡ᠃ ᠠᠳᠡ ᠡᠪᠡᠰᠤ | ᠪᠠᠯᠴᠢᠬᠡᠷ ᠬᠠᠯᠢᠭᠤᠷᠠᠵᠤ᠂ ᠦᠡᠭᠭᠡ ᠶᠢᠨ ᠰᠢᠪᠠᠭᠤ ᠳᠤᠩᠭᠤᠳᠤᠨ᠂ ᠦᠵᠡᠮᠵᠢ ᠰᠠᠶᠢᠳᠠᠢ ᠬᠡᠬᠡᠷ᠎ᠠ ᠶᠢᠨ ᠵᠡᠷᠯᠢᠭ ᠴᠡᠴᠡᠭ | ᠬᠤᠸᠠᠷ ᠮᠦᠰᠢᠶᠡᠨ ᠳᠡᠯᠬᠡᠷᠡᠵᠦ᠂ ᠴᠡᠬᠡᠵᠢ ᠳᠡᠨᠡᠶᠢᠨ ᠠᠮᠢᠰᠬᠤᠬᠤ ᠳᠤ ᠦᠨᠡᠬᠡᠷ ᠦᠪᠴᠢ ᠪᠡᠶ᠎ᠠ ᠳᠤ ᠨᠢ ᠳᠠᠭᠠᠯᠠᠮᠵᠢᠳᠠᠢ | ᠰᠠᠶᠢᠬᠠᠨ ᠪᠠᠶᠢᠯ᠎ᠠ᠃ ᠮᠠᠨᠳᠤ ᠪᠤᠯᠠᠭ ᠤᠨ ᠬᠦᠪᠡᠬᠡᠨ ᠳᠤ ᠢᠷᠡᠵᠦ ᠭᠤᠷᠴᠢᠬᠢᠨᠠᠬᠤ ᠤᠰᠤ ᠶᠢ ᠪᠢᠳᠡᠬᠦᠯᠠᠨ ᠤᠤᠭᠤᠵᠤ᠂ | ᠳᠠᠬᠢᠨ ᠳᠡᠪᠡᠯ ᠬᠤᠪᠴᠠᠰᠤ ᠪᠠᠨ ᠳᠠᠶᠢᠯᠵᠦ ᠪᠠᠭᠯᠠᠭᠠᠳ ᠳᠡᠷᠡᠯᠡᠵᠦ ᠠᠮᠠᠷᠠᠪᠠ᠃ ᠬᠦᠪᠰᠦᠬᠡᠷ ᠰᠠᠶᠢᠬᠠᠨ ᠬᠡᠬᠡᠷ᠎ᠠ ᠶᠢᠨ | ᠡᠪᠡᠰᠦᠨ ᠤ ᠳᠡᠬᠡᠷ᠎ᠠ ᠳᠡᠭᠡᠭᠰᠢ ᠬᠠᠨᠳᠤᠨ ᠬᠡᠪᠳᠡᠭᠰᠡᠬᠡᠷ ᠪᠠᠶᠢᠵᠦ᠂ ᠳᠡᠮᠡᠢ ᠤᠳᠠᠭᠰᠠᠨ ᠴᠦ ᠦᠭᠡᠢ ᠠᠮᠳᠠᠳᠤ ᠨᠤᠶᠢᠷ ᠲᠤ | ᠪᠠᠨ ᠤᠷᠤᠪᠠ᠃ | ᠶᠠᠭ ᠳᠡᠬᠦᠨ ᠢ ᠠᠮᠳᠠᠳᠤ ᠨᠤᠶᠢᠷ ᠲᠤ ᠪᠠᠨ ᠰᠤᠭᠳᠤᠭᠤᠷᠠᠨ ᠤᠨᠳᠠᠵᠤ ᠪᠠᠶᠢᠬᠤ ᠳᠡᠷᠡ ᠭᠱᠠᠨ ᠳᠤ ᠳᠡᠷᠭᠡᠳᠡᠬᠦᠷ | ᠨᠢ ᠨᠢᠬᠡᠨ ᠦᠳᠡᠯ᠎ᠠ ᠨᠠᠰᠤᠨ ᠤ ᠡᠷ᠎ᠠ ᠡᠮ᠎ᠠ ᠬᠤᠶᠠᠭᠤᠯᠠ ᠭᠤᠶᠤ ᠰᠠᠶᠢᠬᠠᠨ ᠮᠠᠰᠢᠨ ᠳᠡᠷᠭᠡᠨ ᠳᠤ ᠰᠠᠭᠤᠵᠤ ᠮᠥᠨ | ᠯᠠ ᠤᠳᠠᠢ ᠳᠤ ᠬᠦᠷᠬᠦ ᠪᠠᠷ ᠶᠠᠪᠤᠵᠤ ᠪᠠᠶᠢᠳᠠᠯ᠎ᠠ ᠬᠡᠨᠡᠳᠳᠡ ︽ᠴᠢᠳ︾ ᠭᠡᠬᠦ ᠳᠠᠭᠤᠨ ᠭᠠᠷᠤᠮᠠᠭᠴᠠ ᠮᠡᠰᠢᠨ ᠳᠡᠷᠭᠡ | ᠪᠤᠯᠠᠭ ᠤᠨ ᠬᠦᠪᠡᠬᠡᠨᠠ ᠵᠤᠭᠰᠤᠪᠠ᠃ ᠳᠡᠷᠭᠡᠨ ᠳᠠᠬᠢ ᠦᠳᠡᠯ᠎ᠠ ᠨᠠᠰᠤᠨ ᠤ ᠡᠷ᠎ᠠ ᠡᠮ᠎ᠠ ᠬᠤᠶᠠᠭᠤᠯᠠ ᠶᠢᠨ ᠨᠢᠳᠤ ᠨᠢ | ᠵᠡᠷᠭᠡᠪᠡᠷ ᠠᠮᠳᠠᠳᠤ ᠨᠤᠶᠢᠷ ᠲᠤ ᠪᠠᠨ ᠪᠠᠶᠢᠬᠤ ᠮᠠᠨᠳᠤ ᠶᠢᠨ ᠪᠡᠶ᠎ᠠ ᠳᠡᠬᠡᠷ᠎ᠠ ᠳᠤᠰᠪᠠ᠃ | ᠬᠡᠳᠤᠢ ᠠᠮᠳᠠᠳᠠᠢ ᠰᠠᠶᠢᠬᠠᠨ ᠤᠨᠳᠠᠵᠤ ᠪᠠᠶᠢᠬᠤ ᠪᠤᠢ︕ ᠪᠢ ᠪᠠᠰᠠ ᠢᠡᠭᠭᠢᠵᠦ ᠤᠨᠳᠠᠵᠤ ᠪᠠᠶᠢᠪᠠᠯ ᠬᠡᠳᠤᠢ | ᠪᠤᠶᠠᠨ ᠲᠠᠢ ᠪᠤᠢ︖ ᠭᠡᠵᠤ ᠡᠮᠡᠭᠳᠡᠢ ᠨᠢ ᠬᠡᠯᠡᠬᠦ ᠳᠤ᠂ ᠡᠷᠡᠭᠳᠡᠢ ᠨᠢ᠄ ᠮᠠᠨ ᠤ ᠡᠨᠡ ᠮᠡᠳᠤ ᠶᠢᠨ ᠦᠳᠡᠯ᠎ᠠ ᠨᠠᠰᠤᠳᠠᠳ᠂ | ᠤᠳᠤ ᠢᠡᠭᠭᠢᠵᠦ ᠰᠠᠶᠢᠬᠠᠨ ᠤᠨᠳᠠᠵᠤ ᠴᠢᠳᠠᠬᠤ ᠦᠭᠡᠢ ᠪᠤᠯᠵᠠᠢ᠂ ᠵᠠᠯᠠᠭᠤ ᠶᠢ ᠦᠵᠡᠪᠡᠰᠤ ᠶᠠᠭ ᠮᠠᠨ ᠤ ᠬᠦᠪᠡᠬᠦᠨ | ᠲᠠᠢ ᠡᠬᠡᠬᠡ ᠠᠳᠠᠯᠢ᠂ ᠳᠡᠬᠦᠨ ᠢ ᠨᠤᠶᠢᠷ ᠠᠴᠠ ᠨᠢ ᠰᠡᠷᠢᠬᠡᠪᠡᠯ ᠶᠠᠭᠠᠬᠢᠬᠤ ᠪᠤᠢ︖ ᠪᠢᠳᠡ ᠳᠡᠬᠦᠨ ᠤ ᠵᠠᠩ ᠠᠪᠤᠷᠢ | ᠶᠢ ᠨᠢ ᠮᠡᠳᠡᠬᠦ ᠦᠭᠡᠢ ᠳᠤᠯᠠ ᠪᠠᠶᠢᠴᠢᠬ᠎ᠠ︕ ᠮᠤᠶᠢᠯ ᠬᠠᠷ᠎ᠠ ᠭᠡᠵᠢᠬᠡ᠂ ᠦᠷᠬᠡᠨ ᠬᠦᠮᠦᠰᠬᠡ᠂ ᠤᠯᠠᠪᠤᠷ ᠰᠠᠶᠢᠬᠠᠨ | ᠬᠠᠴᠠᠷ ᠢ ᠨᠢ ᠦᠵᠡ ᠬᠦᠶ᠋ᠢ︕ ᠦᠨᠡᠬᠡᠷ ᠠᠰᠪᠤᠷ ᠰᠢᠯᠤᠭᠤᠨ᠂ ᠴᠤᠪᠤᠭᠤ ᠳᠡᠭᠵᠢᠨ ᠬᠡᠤᠬᠡᠳ ᠪᠠᠶᠢᠨ᠎ᠠ ᠳ᠋ᠠ᠃ | ᠮᠡᠨᠳᠤ ᠡᠬᠦᠨ ᠢ ᠭᠡᠷᠬᠢᠨ ᠮᠡᠳᠡᠬᠦ ᠠᠵᠢ᠂ ᠦᠨᠡᠨ ᠳᠤ ᠪᠠᠨ ᠵᠤᠯ ᠵᠢᠷᠭᠠᠯ ᠤᠨ ᠰᠠᠬᠢᠭᠤᠰᠤ ᠳᠡᠬᠦᠨ ᠤ ᠬᠠᠵᠠᠭᠤ | ᠳᠤ ᠳᠤᠯᠤᠭᠠᠳ ᠢᠷᠡᠴᠢᠬᠡᠭᠰᠡᠨ ᠰᠢᠤ᠃ ᠦᠳᠡᠯ᠎ᠠ ᠡᠪᠤᠬᠡᠨ ᠤ ᠬᠡᠷ ᠪᠦᠯᠢ ᠨᠢ ᠳᠤᠶᠢᠯ ᠤᠨ ᠪᠠᠶᠠᠨ ᠡᠷᠬᠢᠮ ᠪᠦᠬᠡᠳ | ᠡᠳ᠋ ᠮᠦᠡᠭᠭᠦ ᠡᠯᠪᠡᠭ ᠪᠤᠯᠪᠠᠴᠤ ᠵᠤᠯ ᠪᠤᠰᠤ ᠪᠠᠷ ᠳᠡᠬᠦᠨ ᠤ ᠭᠠᠭᠴᠠ ᠬᠦᠪᠡᠬᠦᠨ ᠨᠢ ᠨᠠᠰᠤ ᠪᠠᠷᠠᠪᠠ᠃ ᠶᠠᠭ ᠡᠨᠡ ᠬᠦ | ᠭᠤᠨᠢᠭ ᠲᠠᠢ ᠦᠶᠡᠰ ᠬᠦᠮᠦᠰ ᠶᠡᠷᠤ ᠨᠢ ᠡᠯᠳᠡᠪ ᠢ ᠪᠤᠳᠤᠵᠤ ᠬᠤᠶᠢᠰᠢᠳᠡ ᠶᠢᠨ ᠠᠰᠠᠭᠤᠳᠠᠯ ᠢᠶᠠᠨ ᠳᠤᠭᠳᠠᠭᠠᠳᠠᠭ | ᠪᠢᠯᠡ᠃ ᠳᠠᠷᠤᠢ ᠨᠢᠳᠤᠨ ᠡᠮᠤᠨ᠎ᠠ ᠨᠢ ᠪᠠᠶᠢᠬᠤ ᠦᠯᠦ ᠳᠠᠨᠢᠬᠤ ᠮᠡᠨᠳᠤ ᠶᠢ ᠦᠵᠡᠭᠡᠳ ᠳᠤᠳᠤᠷ᠎ᠠ ᠪᠠᠨ ᠦᠨᠡᠨ | ᠰᠡᠳᠬᠢᠯ ᠠᠴᠠ ᠪᠠᠨ ᠬᠠᠶᠢᠷᠠᠯᠠᠵᠤ᠂ ᠳᠡᠬᠦᠨ ᠢ ᠦᠪᠡᠷ ᠤᠨ ᠬᠦᠦ ᠪᠠᠨ ᠪᠤᠯᠭᠠᠨ ᠬᠤᠶᠢᠰᠢᠳᠡ ᠶᠢᠨ ᠬᠡᠷ ᠪᠦᠯᠢ ᠶᠢᠨ | ᠢᠶᠠᠨ ᠠᠯᠢᠪᠠ ᠡᠳ᠋ ᠬᠤᠭᠰᠢᠯ ᠢᠶᠠᠨ ᠵᠠᠯᠭᠠᠮᠵᠢᠯᠠᠭᠤᠯᠬᠤ ᠪᠠᠷ ᠪᠤᠳᠤᠪᠠ᠃ ᠭᠡᠳᠡᠯ᠎ᠠ ᠮᠠᠨᠳᠤ ᠮᠥᠨ ᠯᠠ ᠠᠮᠳᠠᠳᠤ ᠨᠤᠶᠢᠷ | ᠲᠤ ᠪᠠᠨ ᠪᠠᠶᠢᠭᠰᠠᠭᠠᠷ᠃ | ᠪᠢᠳᠡ ᠳᠡᠬᠦᠨ ᠢ ᠰᠡᠷᠢᠭᠡᠴᠢᠬᠡᠶᠠ ᠭᠡᠵᠤ ᠨᠠᠰᠤᠳᠠᠨ ᠡᠵᠢ ᠳᠠᠬᠢᠨ ᠬᠡᠯᠡᠪᠡ᠃ ᠶᠠᠭ ᠡᠨᠡ ᠦᠶᠡᠰ ᠳᠡᠷᠭᠡᠨ ᠤ | ᠵᠢᠯᠤᠭᠤᠴᠢ ᠳᠡᠷᠭᠡᠨ ᠤ ᠯᠠᠪᠠᠷ ᠢᠶᠠᠨ ︽ᠳ᠋ᠢᠳ᠂ ᠳ᠋ᠢᠳ︕︾ ᠳᠤᠤᠭᠠᠷᠭᠠᠬᠤ ᠳᠤ ᠬᠤᠶᠠᠷ ᠨᠠᠰᠤᠳᠠᠨ ᠡᠨᠡ ᠬᠦ ᠦᠯᠦ | ᠳᠠᠨᠢᠬᠤ ᠬᠦᠦ ᠠᠴᠠ ᠰᠠᠯᠵᠤ ᠶᠠᠳᠠᠨ ᠬᠠᠷᠢᠯᠴᠠᠨ ᠰᠢᠷᠳᠡᠯᠴᠡᠵᠦ ᠰᠢᠷᠳᠡᠯᠴᠡᠬᠡᠳ ᠳᠡᠷᠭᠡᠨ ᠳᠤ ᠪᠠᠨ ᠭᠠᠷᠪᠠ᠃ ᠮᠠᠰᠢᠨ | ᠳᠡᠷᠭᠡ ᠠᠳᠡ ᠠᠴᠠ ᠵᠠᠶᠢᠳᠠᠭᠠᠳ ᠠᠷᠠᠢ ᠬᠡᠳᠤᠬᠡᠨ ᠮᠢᠨᠦ᠋ᠲ ᠪᠤᠯᠤᠭᠰᠠᠨ ᠦᠭᠡᠢ᠂ ᠳᠡᠷᠳᠡᠭᠡ ᠵᠦᠭ ᠠᠴᠠ ᠨᠢᠬᠡᠨ | ᠭᠤᠶᠤ ᠭᠡᠭᠡᠨᠴᠢᠷ ᠬᠡᠤᠬᠡᠨ ᠭᠤᠷᠴᠢᠬᠢᠨᠠᠨ ᠤᠷᠤᠰᠬᠤ ᠪᠤᠯᠠᠭ ᠢ ᠴᠢᠭᠯᠡᠨ ᠶᠠᠭᠠᠷᠠᠪᠴᠢᠯᠠᠨ ᠢᠷᠡᠯ᠎ᠠ᠃ ᠳᠡᠷᠡ᠂ ᠪᠤᠯᠠᠭ ᠤᠨ | ᠠᠮᠠᠰᠠᠷ ᠳᠡᠬᠡᠷ᠎ᠠ ᠢᠷᠡᠵᠦ ᠪᠤᠯᠠᠭ ᠤᠨ ᠤᠰᠤ ᠶᠢ ᠤᠤᠭᠤᠬᠤ ᠶᠢᠨ ᠳᠠᠭᠠᠤ ᠮᠡᠨᠳᠤ ᠶᠢ ᠰᠢᠷᠳᠡᠪᠡ᠃ ᠳᠡᠭᠡᠬᠦ ᠳᠤ ᠡᠨᠡ | ᠬᠡᠤᠬᠡᠨ ᠶᠠᠭ ᠦᠯᠦ ᠳᠠᠨᠢᠬᠤ ᠬᠦᠮᠦᠨ ᠤ ᠬᠡᠷ ᠲᠤ ᠰᠠᠨᠠᠮᠰᠠᠷ ᠦᠭᠡᠢ ᠪᠠᠷ ᠤᠷᠤᠴᠢᠬᠠᠭᠰᠠᠨ ᠰᠢᠭ᠋ ᠪᠤᠰᠢᠭᠤᠬᠠᠨ | ᠰᠠᠯᠵᠤ ᠶᠠᠪᠤᠬᠤ ᠪᠠᠷ ᠪᠡᠶ᠎ᠠ ᠡᠷᠬᠢᠬᠦ ᠭᠡᠳᠡᠯ᠎ᠠ ᠨᠢᠬᠡᠨ ᠪᠠᠳᠠᠭᠠᠨ᠎ᠠ ᠮᠡᠨᠳᠤ ᠶᠢᠨ ᠬᠠᠴᠠᠷ ᠳᠡᠬᠡᠷ᠎ᠠ ᠰᠠᠭᠤᠵᠤ ᠪᠠᠶᠢᠬᠤ ᠶᠢ | ᠤᠯᠵᠤ ᠦᠵᠡᠭᠡᠳ᠂ ᠪᠠᠳᠠᠭᠠᠨ᠎ᠠ ᠮᠡᠨᠳᠤ ᠶᠢᠨ ᠬᠠᠴᠠᠷ ᠳᠡᠬᠡᠷ᠎ᠠ ᠰᠠᠭᠤᠵᠤ ᠪᠠᠶᠢᠬᠤ ᠶᠢ ᠤᠯᠵᠤ ᠦᠵᠡᠭᠡᠳ᠂ ᠦᠪᠡᠷ ᠤᠨ | ᠡᠷᠭᠡ ᠦᠭᠡᠢ ᠭᠠᠷ ᠠᠯᠴᠢᠭᠤᠷ ᠢᠶᠠᠨ ᠠᠪᠴᠤ ᠬᠦᠪ ᠬᠦᠡᠭᠭᠡᠨ ᠢᠶᠠᠷ ᠪᠠᠳᠠᠭᠠᠨ᠎ᠠ ᠶᠢ ᠬᠦᠬᠡᠬᠡᠵᠦ ᠶᠠᠪᠤᠭᠤᠯᠪᠠ᠃ ᠳᠡᠷᠡ | ᠬᠦ ᠭᠱᠠᠨ ᠳᠤ ᠬᠡᠤᠬᠡᠨ ᠤ ᠦᠪᠴᠢ ᠪᠡᠶ᠎ᠠ ᠳᠤ ᠶᠠᠭ ᠴᠠᠬᠢᠯᠭᠠᠨ ᠬᠦᠶᠦᠭᠰᠡᠨ ᠰᠢᠭ ᠪᠦᠬᠦ ᠪᠡᠶ᠎ᠠ ᠨᠢ ᠳᠤᠭᠳᠤᠯᠵᠤ | ᠠᠪᠤᠭᠰᠠᠨ ᠪᠤᠯᠪᠠᠴᠤ᠂ ᠠᠮᠠᠨ ᠳᠤᠳᠤᠷ᠎ᠠ ᠪᠠᠨ ᠰᠡᠮᠡᠭᠡᠷ᠄ ︽ᠶᠠᠭᠠᠬᠢᠭᠰᠠᠨ ᠰᠠᠶᠢᠬᠠᠨ ᠵᠠᠯᠠᠭᠤ ᠪᠤᠢ︖︾ ᠭᠡᠵᠤ | ᠲᠦᠳᠦᠨᠡᠬᠦ ᠳᠤ ᠮᠡᠨᠳᠤ ᠦᠴᠦᠬᠡᠨ ᠴᠦ ᠰᠡᠷᠡᠭᠳᠡᠯ ᠦᠭᠡᠢ ᠳᠤᠯᠠ ᠬᠡᠤᠬᠡᠨ ᠠᠷᠭ᠎ᠠ ᠪᠤᠰᠤ ᠴᠢᠨᠠᠭᠰᠢ ᠪᠠᠨ ᠶᠠᠪᠤᠯ᠎ᠠ᠃ | ᠡᠨᠡ ᠦᠶᠡᠰ ᠬᠡᠷᠪᠡ ᠮᠡᠨᠳᠤ ᠰᠡᠷᠡᠭᠰᠡᠨ ᠪᠤᠯ ᠡᠨᠡ ᠬᠦ ᠭᠤᠶᠤ ᠬᠡᠤᠬᠡᠨ ᠲᠠᠢ ᠳᠠᠨᠢᠯᠴᠠᠵᠤ᠂ ᠰᠡᠳᠬᠢᠯᠬᠡ ᠪᠠᠨ | ᠰᠤᠯᠢᠯᠴᠠᠬᠤ ᠪᠦᠬᠡᠳ ᠴᠢᠨᠠᠭᠰᠢᠯᠠᠪᠠᠯ ᠪᠠᠰᠠ ᠨᠠᠰᠤᠨ ᠤ ᠬᠠᠨᠢ ᠪᠤᠯᠤᠯᠴᠠᠵᠤ ᠮᠡᠳᠡᠬᠦ ᠶᠤᠮ᠃ ᠬᠡᠤᠬᠡᠨ ᠶᠠᠪᠤᠭᠰᠠᠨ ᠤ | ᠳᠠᠷᠠᠭ᠎ᠠ ᠮᠠᠯᠠᠭᠠᠢ ᠪᠠᠨ ᠮᠤᠰᠢᠭᠠᠢ ᠳᠠᠷᠤᠵᠤ᠂ ᠨᠢᠳᠤ ᠪᠠᠨ ᠴᠠᠶᠢᠪᠠᠶᠢᠭᠰᠠᠨ ᠬᠤᠶᠠᠷ ᠯᠤᠶᠢᠪᠠᠷᠴᠢᠨ ᠡᠨᠡᠬᠦᠷ ᠦᠡᠭᠭᠡᠷᠡᠪᠡ᠂ | ᠳᠡᠳᠡ ᠬᠤᠶᠠᠷ ᠨᠢᠳᠤ ᠡᠷᠬᠦᠮᠡᠭᠴᠡ ᠮᠡᠨᠳᠤ ᠶᠢᠨ ᠪᠤᠯᠠᠭ ᠤᠨ ᠳᠡᠷᠭᠡᠳᠡ ᠠᠮᠳᠠᠳᠠᠢ ᠤᠨᠳᠠᠵᠤ ᠪᠠᠶᠢᠬᠤ ᠶᠢ ᠦᠵᠡᠭᠡᠳ᠂ | ᠳᠡᠬᠦᠨ ᠠᠴᠠ ᠶᠠᠮᠠᠷ ᠨᠢᠬᠡ ᠤᠯᠵᠠ ᠠᠰᠢᠭ ᠤᠯᠬᠤ ᠶᠢ ᠰᠠᠨᠠᠵᠤ ᠳᠡᠷᠭᠡᠳᠡ ᠨᠢ ᠬᠦᠷᠪᠡ᠃ | ᠡᠨᠡ ᠠᠮᠢᠳᠠᠨ ᠢ ᠨᠡᠩᠵᠢ︕ ᠳᠡᠬᠦᠨ ᠤ ᠪᠡᠶ᠎ᠠ ᠳᠡᠬᠡᠷ᠎ᠠ ᠵᠤᠭᠤᠰ ᠪᠠᠶᠢᠬᠤ ᠮᠠᠭᠠᠳ᠃ ᠪᠢ ᠤᠴᠢᠵᠦ ᠨᠡᠩᠵᠢᠶᠠ | ︕ ᠳᠡᠷᠡ ᠬᠡᠷᠪᠡ ᠰᠡᠷᠢᠬᠡᠳ ᠬᠠᠷᠢᠭᠤᠴᠠᠪᠠᠯ᠂ ᠡᠨᠡ ᠪᠠᠶᠢᠬᠤ ᠦᠭᠡᠢ ᠤᠤ︖ ᠬᠡᠮᠡᠨ ᠬᠤᠷᠴᠠ ᠨᠠᠷᠠᠨ ᠤ ᠬᠡᠷᠡᠯ ᠳᠤ | ᠨᠢᠬᠡ ᠬᠢᠳᠤᠭ᠎ᠠ ᠶᠢ ᠠᠬᠢᠨ ᠳᠠᠬᠢᠨ ᠬᠢᠯᠪᠠᠯᠵᠠᠭᠤᠯᠵᠤ ᠪᠠᠶᠢᠪᠠ᠃ ᠬᠤᠶᠠᠷ ᠠᠮᠢᠳᠠᠨ ᠶᠠᠭ ᠰᠠᠶᠢᠬᠠᠨ ᠮᠡᠨᠳᠤ ᠶᠢ | ᠨᠡᠩᠵᠢᠬᠦ ᠬᠡᠳᠡᠯ᠎ᠠ ᠪᠤᠯᠠᠭ ᠤᠨ ᠨᠦᠬᠦᠬᠡ ᠳᠠᠯ᠎ᠠ ᠠᠴᠠ ᠨᠢ ᠨᠢᠬᠡᠨ ᠨᠤᠬᠠᠢ ᠬᠡᠯᠡ ᠪᠠᠨ ᠲᠦᠬᠡ ᠰᠢᠬᠠᠮ ᠭᠠᠷᠭᠠᠭᠰᠠᠭᠠᠷ | ᠪᠤᠯᠠᠭ ᠢ ᠴᠢᠭᠯᠡᠨ ᠢᠷᠡᠬᠦ ᠳᠤ᠂ ᠬᠤᠶᠠᠷ ᠠᠮᠢᠳᠠᠨ ᠪᠠᠷᠢᠭᠰᠠᠨ ᠳᠠᠯᠪᠢᠭᠰᠠᠨ ᠢᠶᠠᠨ ᠤᠷᠬᠢᠵᠦ ᠴᠢᠴᠠᠭ᠎ᠠ ᠠᠯᠳᠠᠳᠠᠯ᠎ᠠ ᠪᠠᠨ | ᠠᠶᠤᠪᠠ᠃ | ᠬᠦᠯᠢᠶᠡᠵᠦ ᠪᠠᠢ︕ ᠡᠨᠡ ᠯᠠᠪ ᠨᠤᠬᠠᠢ ᠶᠢᠨ ᠡᠵᠡᠨ ᠮᠠᠭᠠᠳ ᠦᠭᠡᠢ︕ ᠪᠠᠶᠢᠭ︕ ᠪᠢᠳᠡ ᠬᠡᠳᠤᠷᠬᠡᠢ | ᠬᠡᠨᠡᠨ ᠠᠭᠠᠰᠢᠯᠠᠵᠤ ᠪᠤᠯᠬᠤ ᠦᠭᠡᠢ᠂ ᠵᠢᠷᠠᠨ ᠠᠷᠭ᠎ᠠ ᠠᠴᠠ ᠵᠠᠶᠢᠯᠠᠭᠰᠠᠨ ᠠᠷᠭ᠎ᠠ ᠨᠢ ᠳᠡᠭᠡᠷ᠎ᠠ ᠶᠤᠮ᠂ ᠠᠳᠡ ᠠᠴᠠ | ᠬᠤᠷᠳᠤᠨ ᠵᠠᠶᠢᠯᠠᠶ᠎ᠠ︕ ᠬᠡᠮᠡᠨ ᠬᠤᠶᠠᠷ ᠠᠮᠢᠳᠠᠨ ᠵᠢᠭᠤᠳᠠᠨ ᠳᠤᠳᠠᠭᠠᠪᠠ᠃ ᠳᠡᠷᠳᠡᠭᠡ ᠮᠤᠳᠤᠨ ᠳᠠᠬᠢ ᠡᠭᠡᠰᠢᠭᠯᠡᠨ | ᠳᠤᠩᠭᠤᠳᠬᠤ ᠬᠦᠬᠦᠬᠡ ᠰᠢᠪᠠᠭᠤᠨ ᠤ ᠢᠷᠠᠭᠤ ᠳᠠᠭᠤᠨ ᠳᠤ ᠮᠡᠨᠳᠤ ᠨᠤᠶᠢᠷ ᠠᠴᠠ ᠪᠠᠨ ᠰᠡᠷᠢᠪᠡ᠃ ᠳᠡᠷᠡ | ᠶᠠᠭᠠᠷᠠᠪᠴᠢᠯᠠᠨ ᠬᠤᠪᠴᠠᠰᠤ ᠪᠠᠨ ᠡᠮᠦᠰᠦᠮᠡᠭᠴᠡ ᠠᠯᠤᠰ ᠤᠨ ᠵᠠᠮ ᠢᠶᠠᠨ ᠡᠯᠬᠦᠵᠦ ᠦᠷᠬᠦᠯᠵᠢᠯᠡᠨ ᠶᠠᠪᠤᠪᠠ᠃ ᠠᠯᠤᠰ | ᠢ ᠵᠤᠷᠢᠨ᠂ ᠰᠡᠵᠢᠭ ᠲᠦᠷᠦᠵᠦ ᠪᠤᠷᠬᠠᠨ ᠳᠤ ᠳᠠᠭᠠᠳᠬᠠᠬᠤ ᠨᠢᠬᠡ ᠯᠠ ᠰᠡᠳᠬᠢᠯ ᠢ ᠡᠪᠤᠷᠯᠡᠵᠦ ᠶᠠᠪᠤᠭ᠎ᠠ ᠮᠠᠨᠳᠤ | ᠭᠤᠸᠠᠢ ᠮᠢᠨᠢ︕ ᠴᠢ ᠠᠮᠳᠠᠳᠤ ᠨᠤᠶᠢᠷ ᠲᠤ ᠪᠠᠨ ᠪᠠᠶᠢᠬᠤ ᠳᠤ ᠰᠠᠶ᠋ᠢ ᠶᠢᠨ ᠡᠬᠦᠰᠦᠭᠰᠡᠨ ᠵᠤᠯ ᠵᠢᠷᠭᠠᠯᠳᠤ ᠶᠠᠪᠤᠳᠠᠯ | ᠬᠢᠬᠡᠳ ᠠᠶᠤᠯ ᠲᠦᠭᠰᠢᠬᠦᠷᠢᠳᠤ ᠤᠴᠢᠷ ᠢ ᠬᠡᠷᠬᠢᠨ ᠮᠡᠳᠡᠬᠦ ᠠᠵᠢ︕ ᠭᠡᠳᠡᠯ᠎ᠠ ᠶᠠᠪᠤᠳᠠᠯ ᠪᠦᠬᠦᠨ ᠢ ᠨᠠᠷᠢᠨ | ᠳᠤᠩᠭᠠᠵᠤ ᠦᠵᠡᠪᠡᠰᠤ᠂ ᠳᠡᠯᠡᠬᠡᠢ ᠶᠢᠷᠳᠢᠨᠴᠤ ᠶᠢᠨ ᠬᠦᠮᠦᠨ ᠳᠤᠯᠤᠭᠠᠶᠢᠳᠠᠨ ᠪᠦᠬᠦᠨ ᠳᠤ ᠡᠶᠢᠮᠤ ᠵᠠᠪᠰᠢᠶᠠᠨ | ᠳᠤᠬᠢᠶᠠᠯᠳᠤᠬᠤ ᠦᠭᠡᠢ ᠭᠡᠵᠢ ᠤᠤ᠃ | ︽ᠲᠦᠩᠯᠢᠶᠤᠥ ᠶᠢᠨ ᠡᠳᠦᠷ ᠤᠨ ᠰᠤᠨᠢᠨ︾ 2016.9.3 |