ᠬᠤᠰᠢᠭᠤᠨ ᠳᠤ ᠤᠴᠢᠭᠠᠳ ᠭᠠᠨᠳᠢᠭ ᠰᠡᠷᠮᠡᠭᠦᠨ ᠡᠷ᠎ᠡ ᠡᠮ᠎ᠡ ᠬᠤᠶᠠᠷ ᠲᠠᠢ ᠤᠴᠠᠷᠠᠭᠰᠠᠨ ᠠᠴᠠ ᠬᠤᠶᠢᠰᠢ | ᠬᠤᠳᠠ ᠤᠷᠤᠵᠦ ᠠᠮᠢᠳᠤᠷᠠᠬᠤ ᠬᠦᠰᠡᠯ ᠮᠢᠨᠢ ᠤᠯᠠᠮ ᠳᠡᠭᠡᠷᠡᠳᠡᠪᠡ᠃ | ᠬᠦᠮᠦᠨ ᠤ ᠲᠡᠷᠡ ᠬᠤᠶᠠᠷ ᠢ ᠦᠵᠡᠯ ᠳ᠋ᠠ᠂ ᠡᠮᠤᠰᠴᠦ ᠵᠡᠭᠦᠵᠦ ᠶᠠᠪᠤᠵᠦ ᠰᠠᠭᠤᠵᠦ ᠪᠠᠶᠢᠬᠤ ᠨᠢ ᠬᠤᠳᠠ ᠶᠢᠨ | ᠬᠦᠮᠦᠨ ᠲᠠᠢ ᠦᠭᠡᠷ᠎ᠡ ᠨᠢ ᠶᠠᠭᠤ ᠪᠤᠢ︖ ᠲᠡᠷᠡ ᠰᠡᠷᠮᠡᠭᠦᠨ ᠬᠦᠳᠡᠭᠡ ᠪᠠᠶᠢᠬᠤ ᠳᠠᠭᠠᠨ ᠡᠷᠡᠰ ᠤᠨ ᠨᠢᠳᠦᠨ ᠳᠤ | ᠦᠷᠲᠦᠮᠡᠷ ᠦᠬᠡᠢ ᠪᠦᠷᠦᠭᠬᠡᠨ ᠠᠮᠢᠳᠠᠨ ᠪᠠᠶᠢᠭᠰᠠᠨ ᠶᠤᠮ᠃ ᠬᠠᠭᠠᠰᠬᠠᠨ ᠵᠢᠯ ᠤᠨ ᠬᠤᠭᠤᠷᠤᠨᠳᠤ ᠦᠭᠡᠷ᠎ᠡ ᠨᠢᠭᠡ | ᠬᠦᠮᠦᠨ ᠪᠤᠯᠵᠦ ᠬᠤᠪᠢᠷᠠᠭᠠᠳ ᠭᠠᠨᠳᠢᠭ ᠲᠠᠢ ᠬᠠᠮᠳᠤ ᠪᠠᠶᠢᠭᠰᠠᠨ ᠦᠭᠡᠢ ᠪᠤᠯ ᠲᠠᠨᠢ ᠶᠠᠳᠠᠮᠠᠷ ᠭᠠᠨᠭ᠍ᠭᠠᠡᠭ ᠳᠡᠭᠵᠢᠨ | ᠪᠤᠯᠤᠭᠰᠠᠨ ᠢ ᠶᠠᠭᠠᠬᠢᠨ᠎ᠠ᠃ ᠮᠢᠨᠤ ᠬᠦᠭᠡᠷᠦᠬᠦᠨ ᠪᠤᠷᠤ ᠬᠤᠳᠠ ᠳᠤ ᠠᠮᠢᠳᠤᠷᠠᠬᠤ ᠶᠤᠮ ᠪᠤᠯ ᠰᠡᠷᠮᠡᠭᠦᠨ ᠢ ᠳᠠᠭᠠᠭᠤᠯᠬᠤ | ᠶᠤᠮ ᠪᠢᠰᠢ᠂ ᠶᠤᠰᠤᠲᠡᠢ ᠬᠤᠳᠠ ᠶᠢᠨ ᠬᠡᠤᠬᠡᠨᠴᠤᠤᠯ ᠢ ᠠᠳᠠᠭᠠᠷᠬᠠᠭᠤᠯᠮᠠᠷ ᠭᠤᠶᠤ ᠠᠮᠢᠳᠠᠨ ᠪᠤᠯᠤᠨ᠎ᠠ᠃ ᠵᠠ᠂ ᠳᠡᠭᠡᠭᠡᠳ | ᠯᠠ ᠬᠠᠶᠠ ᠨᠢᠭᠡ ᠨᠤᠳᠤᠭ ᠲᠠᠭᠠᠨ ᠢᠷᠡᠬᠦ ᠳᠤ ᠠᠶᠢᠯ ᠠᠶᠢᠮᠠᠭ ᠤᠨ ᠬᠢᠨᠢ ᠪᠢᠳᠡᠨ ᠢ ᠬᠠᠷᠠᠭᠠᠳ ᠱᠤᠬᠤᠷᠬᠠᠨ | ᠱᠠᠭᠰᠢᠵᠦ ᠭᠠᠷᠤᠨ᠎ᠠ ᠳ᠋ᠠ᠃ ᠪᠢᠲᠡᠭᠦᠮᠵᠢᠯᠡᠨ᠎ᠡ ᠭᠡᠳᠡᠯ᠎ᠡ ᠬᠠᠰᠢᠶᠠᠯᠠᠨ᠎ᠠ ᠭᠡᠳ ᠳᠡᠩᠰᠡᠯᠭᠡᠭᠡᠳ ᠪᠤᠯᠬᠤ ᠦᠭᠡᠢ ᠶᠤᠮ | ᠴᠢᠨᠢ ᠪᠡᠯᠴᠢᠭᠡᠷ ᠬᠠᠳᠤᠯᠠᠩ ᠢᠶᠠᠨ ᠭᠡᠷ ᠬᠤᠷᠤᠭ᠎ᠠ ᠲᠠᠢ ᠪᠠᠨ ᠲᠦᠷᠢᠶᠡᠰᠦᠯᠡᠭᠦᠯᠴᠢᠬᠡᠶᠡ᠃ ᠮᠠᠯ ᠢᠶᠠᠨ ᠪᠦᠬᠦᠨ ᠢ | ᠵᠠᠷᠤᠴᠢᠬᠠᠪᠠᠯ ᠠᠰᠠᠷ ᠠᠪᠴᠢᠬᠠᠨ᠎ᠠ᠃ ᠲᠦᠷᠢᠶᠡᠰᠦᠨ ᠮᠦᠡᠭᠭᠦᠨ ᠳᠡᠭᠡᠷ᠎ᠡ ᠨᠤᠳᠤᠭ ᠪᠡᠯᠴᠢᠭᠡᠷ ᠤᠨ ᠨᠦᠬᠦᠪᠦᠷᠢ ᠡᠨᠡ | ᠲᠡᠷᠡ ᠪᠠᠨ ᠨᠡᠮᠡᠪᠡᠯ ᠠᠮᠢᠨ ᠵᠢᠭᠤᠯᠭ᠎ᠠ ᠳᠤ ᠠᠯᠵᠠᠬᠤ ᠦᠭᠡᠢ᠃ ᠳᠡᠭᠡᠷ᠎ᠡ ᠠᠴᠠ ᠨᠢ ᠪᠠᠰᠠ ᠪᠠᠭ᠋ᠠᠨ ᠬᠦᠯᠦᠰᠤᠨ ᠠᠵᠢᠯ | ᠬᠢᠪᠡᠯ ᠬᠦᠮᠦᠨ ᠠᠴᠠ ᠳᠤᠤᠷ᠎ᠠ ᠦᠭᠡᠢ ᠠᠮᠢᠳᠤᠷᠠᠴᠢᠬᠠᠨᠠ᠃ | ᠬᠤᠳᠠ ᠳᠤ ᠨᠡᠭᠦᠶ᠎ᠡ ᠭᠡᠬᠦ ᠰᠠᠨᠠᠭ᠎ᠠ ᠪᠠᠨ ᠭᠡᠷᠭᠡᠢ ᠳᠡᠭᠡᠨ ᠰᠢᠭᠤᠳ ᠬᠡᠯᠡᠪᠡᠯ ᠯᠠᠪ ᠵᠦᠪᠰᠢᠶᠡᠷᠡᠬᠦ ᠦᠭᠡᠢ᠃ | ᠬᠦᠭᠰᠢᠨ ᠦᠨᠢᠶᠡᠳ ᠢ ᠨᠢ ᠬᠤᠳᠠᠯᠳᠤᠬᠤ ᠬᠡᠬᠦ ᠳᠤ ᠨᠢ ᠦᠭ ᠶᠠᠳᠠᠭᠠᠳ ᠤᠬᠢᠯᠠᠭᠠᠨ ᠤᠨᠵᠢᠭᠠᠨ ᠪᠤᠯᠳᠠᠭ ᠬᠦᠮᠦᠨ | ᠲᠡᠷᠡ ᠤᠯᠠᠨ ᠠᠮᠢᠨ ᠬᠠᠶᠢᠷ᠎ᠠ ᠲᠠᠢ ᠮᠠᠯ ᠠᠴᠠ ᠨᠢ ᠪᠠᠷᠢᠨ ᠠᠯᠪᠠ ᠪᠠᠷ ᠰᠠᠯᠭᠠᠨ᠎ᠠ ᠭᠡᠪᠡᠯ ᠬᠡᠢ ᠰᠤᠯᠢᠶ᠎ᠠ ᠤᠷᠤᠵᠦ | ᠮᠡᠳᠡᠨ᠎ᠡ᠃ ᠤ᠂ ᠮᠡᠳᠡᠯ᠎ᠡ᠂ ᠪᠠᠭ᠎ᠠ ᠶᠢᠨ ᠨᠠᠶᠢᠵᠠ ᠦᠷᠨᠢᠩᠭᠦᠢ ᠬᠤᠳᠠ ᠳᠤ ᠳᠤᠮᠤ ᠠᠵᠦ ᠠᠬᠤᠶᠢᠯᠠᠯᠳᠠᠨ ᠪᠤᠯᠤᠭᠠᠳ | ᠰᠡᠩᠭᠢᠨᠡᠭᠦᠯᠵᠦ ᠶᠠᠪᠤᠭ᠎ᠠ ᠪᠢᠰᠢᠤ︖ ᠨᠠᠮᠠᠢᠢ ᠢᠷ᠎ᠡ ᠡ ᠭᠡᠳ ᠵᠠᠯᠠᠭᠠᠳ ᠯᠠ ᠪᠠᠶᠢᠳᠠᠭ ᠶᠤᠮ᠃ ᠤᠳᠤ ᠬᠠᠷᠢᠨ ᠳᠡᠭᠦᠨ | ᠤ ᠪᠠᠨ ᠢᠳᠡ ᠶᠢ ᠭᠠᠷᠭᠠᠬᠤ ᠴᠠᠭ ᠪᠤᠯᠤᠭᠰᠠᠨ ᠶᠤᠮ ᠪᠠᠶᠢᠨ᠎ᠠ᠃ ᠤᠷᠢᠳᠠ ᠪᠠᠷ ᠲᠡᠭᠦᠨ ᠤ ᠺᠤᠮᠫᠠᠨᠢ ᠳᠤ ᠬᠦᠯ | ᠳᠤᠭᠳᠠᠵᠦ ᠪᠠᠶᠢᠭᠠᠳ ᠠᠭᠠᠵᠢᠭᠤ ᠪᠠᠷ ᠬᠡᠷᠭᠡᠢ ᠪᠠᠨ ᠤᠬᠠᠭᠠᠯᠠᠶᠠ᠃ ᠠᠪᠤ ᠡᠵᠢ ᠬᠤᠶᠠᠷ ᠮᠢᠨᠢ ᠴᠦ ᠠᠶᠠᠨᠳᠠᠭᠠᠨ ᠪᠢᠳᠡ | ᠬᠤᠶᠠᠷ ᠲᠠᠢ ᠬᠠᠮᠳᠤ ᠬᠤᠳᠠ ᠳᠤ ᠨᠡᠭᠦᠵᠦ ᠡᠳ᠋ᠯᠡᠭᠡᠳᠦᠢ ᠵᠢᠷᠭᠠᠯ ᠢ ᠡᠳ᠋ᠯᠡᠨ᠎ᠡ ᠳ᠋ᠠ᠃ ᠭᠠᠨᠳᠢᠭ ᠴᠢ ᠬᠤᠰᠢᠭᠤ | ᠪᠠᠯᠭᠠᠰᠤᠨ ᠳᠤ ᠤᠷᠤᠴᠢᠬᠠᠭᠠᠳ ᠰᠡᠩᠬᠡᠯᠵᠡᠨᠡ ᠬᠡᠬᠦ ᠳᠤ ᠡᠨᠡ ᠠᠬ᠎ᠠ ᠨᠢ ᠠᠶᠢᠮᠠᠭ ᠤᠨ ᠬᠤᠳᠠ ᠳᠤ ᠰᠠᠭᠤᠷᠢᠰᠢᠭᠠᠳ | ᠦᠵᠡᠭᠦᠯᠦᠨ᠎ᠡ ᠳ᠋ᠠ ᠭᠡᠵᠦ ᠬᠦᠮᠦᠬᠡᠢ ᠵᠠᠭᠤᠯᠠ᠃ | ᠨᠤᠳᠤᠭ ᠤᠨ ᠢᠶᠠᠨ ᠤᠪᠤᠭᠠᠨ ᠳᠠᠬᠢᠯᠭ᠎ᠠ ᠶᠢᠨ ᠨᠠᠶᠢᠷ ᠲᠤ ᠬᠡᠷᠭᠡᠢ ᠪᠠᠨ ᠳᠠᠭᠠᠭᠤᠯᠤᠭᠠᠳ ᠬᠠᠷᠢᠬᠤ ᠳᠤ ᠪᠦᠬᠡ | ᠦᠵᠡᠵᠦ ᠪᠠᠶᠢᠭᠰᠠᠨ ᠬᠦᠮᠦᠰ ᠪᠢᠳᠡ ᠬᠤᠶᠠᠷ ᠢ ᠬᠦᠷᠢᠶᠡᠯᠡᠨ ᠠᠪᠴᠤ ᠳᠡᠪᠡᠷᠢᠬᠦ ᠨᠢ ᠳᠡᠪᠡᠷᠢᠵᠦ᠂ ᠭᠠᠷ ᠠᠴᠠ | ᠠᠳᠬᠤᠬᠤ ᠨᠢ ᠠᠳᠬᠤᠵᠦ᠂ ᠪᠦᠰᠡᠭᠦᠶᠢᠴᠤᠤᠯ ᠨᠢ ᠬᠡᠷᠭᠡᠢ ᠶᠢ ᠮᠢᠨᠢ ᠪᠤᠤᠷᠯᠠᠵᠦ ︽ᠶᠠᠭᠠᠬᠢᠭᠰᠠᠨ ᠭᠤᠶᠤ | ᠪᠤᠯᠴᠢᠬᠠᠭᠰᠠᠨ ᠶᠤᠮ ᠪᠤᠢ︖︾ ᠭᠡᠵᠦ ᠳᠠᠭᠤ ᠠᠯᠳᠠᠵᠠᠭᠠᠨᠠ᠃ ᠬᠡᠷᠭᠡᠢ ᠶᠢᠨ ᠢᠶᠠᠨ ᠭᠤᠶᠤ ᠶᠢ ᠬᠡᠯᠡᠬᠦ ᠶᠤᠮ ᠪᠤᠯ | ᠠᠷᠪᠠᠨ ᠵᠢᠯ ᠤᠨ ᠡᠮᠤᠨᠡᠬᠢ ᠬᠤᠷᠢᠮᠯᠠᠬᠤ ᠦᠶ᠎ᠡ ᠶᠢᠨ ᠠᠴᠠ ᠪᠠᠨ ᠬᠤᠪᠢ ᠳᠠᠭᠢᠨ ᠰᠠᠶᠢᠬᠠᠨ ᠬᠠᠷᠠᠭᠳᠠᠵᠦ ᠶᠤᠰᠤᠳᠠᠢ | ᠺᠢᠨᠤ᠋ ᠳᠤᠭᠯᠠᠭᠴᠢ ᠴᠦ ᠶᠤᠮ ᠤᠤ ᠪᠦᠷ ᠦᠨᠤ ᠳᠠᠭᠢᠨᠢ ᠭᠡᠳᠡᠭ ᠨᠢ ᠰᠢᠭ ᠬᠠᠷᠠᠭᠳᠠᠬᠤ ᠶᠢ ᠶᠠᠭᠠᠬᠢᠨ᠎ᠠ᠃ ︽ᠬᠦᠢ᠂ | ᠭᠠᠳᠠᠨ᠎ᠠ ᠶᠠᠭᠤᠨ ᠤ ᠨᠤᠬᠠᠢ ᠬᠤᠷᠭᠤᠭᠠᠳ ᠪᠠᠶᠢᠨ᠎ᠠ ᠪᠤᠢ︖︾ ᠭᠡᠬᠦ ᠬᠡᠷᠭᠡᠢ ᠶᠢᠨ ᠳᠠᠭᠤᠨ ᠢᠶᠠᠷ ᠲᠦᠭᠡᠷᠢᠭᠰᠡᠨ | ᠪᠤᠳᠤᠯ ᠠᠴᠠ ᠪᠠᠨ ᠰᠠᠯᠤᠭᠰᠠᠨ ᠴᠦ ︽ᠤᠳᠠᠯ ᠦᠭᠡᠢ ᠦᠨᠡᠨ ᠪᠤᠯᠭᠠᠨ᠎ᠠ︾ ᠭᠡᠵᠦ ᠪᠢᠳᠡᠭᠦᠤ ᠳᠡᠭᠡᠨ ᠠᠨᠳᠠᠭᠠᠶᠢᠯᠠᠵᠦ | ᠬᠠᠭᠠᠯᠭ᠎ᠠ ᠲᠦᠯᠬᠢᠪᠡ᠃ | ᠦᠷᠨᠢᠩᠭᠦᠢ ᠶᠢᠨ ᠺᠤᠮᠫᠠᠨᠢ ᠳᠤ ᠤᠷᠤᠬᠤ ᠳᠤ ᠦᠨᠤ ᠺᠢᠨᠤ᠋ ᠶᠢᠨ ᠦᠵᠡᠭᠳᠡᠯ ᠳᠤ ᠤᠷᠤᠭᠰᠠᠨ ᠶᠤᠮ ᠰᠢᠭ᠋᠃ | ᠡᠭᠦᠳᠡᠨ ᠬᠠᠷᠠᠭᠤᠯ ᠨᠢ ᠨᠠᠷᠢᠨ ᠪᠢᠴᠢᠭᠡᠴᠢ ᠳᠤ᠂ ᠨᠠᠷᠢᠨ ᠪᠢᠴᠢᠭᠡᠴᠢ ᠨᠢ ᠡᠷᠬᠢᠯᠡᠭᠴᠢ ᠳᠤ᠂ ᠡᠷᠬᠢᠯᠡᠭᠴᠢ ᠨᠢ ᠡᠵᠡᠨᠳᠡᠨ | ᠳᠤ ᠪᠠᠨ ᠪᠠᠭ᠋ᠠᠨ ᠤᠲᠠᠰᠤᠳᠤᠭᠠᠳ ᠨᠠᠷᠢᠨ ᠪᠢᠴᠢᠭᠡᠴᠢ ᠶᠢᠨ ᠳᠠᠭᠠᠭᠤᠯᠭ᠎ᠠ ᠪᠠᠷ ᠡᠵᠡᠨᠳᠡᠨ ᠤ ᠬᠢᠨᠢ ᠠᠯᠪᠠᠨ ᠭᠡᠷ ᠲᠤ | ᠤᠷᠤᠯ᠎ᠠ᠃ ᠭᠠᠴᠠᠭᠠᠨ ᠤ ᠰᠤᠶᠤᠯ ᠤᠨ ᠭᠡᠷ ᠠᠴᠠ ᠳᠠᠬᠢᠨ ᠠᠭᠤᠵᠢᠭᠤ ᠳᠤᠮᠤ ᠦᠷᠦᠭᠡᠨ ᠤ ᠭᠤᠤᠯ ᠳᠤᠮᠳᠠᠬᠢ | ᠮᠤᠩᠭᠤᠯ ᠭᠡᠷ ᠤᠨ ᠰᠠᠭᠤᠷᠢ ᠠᠴᠠ ᠲᠤᠮᠤ ᠵᠠᠢ ᠡᠵᠡᠯᠡᠭᠰᠡᠨ ᠰᠢᠷᠡᠭᠡᠨ ᠤ ᠴᠠᠭᠠᠨ᠎ᠠ ᠦᠷᠨᠢᠩᠭᠦᠢ ᠮᠢᠨᠤ ᠤᠷᠤᠭᠰᠠᠨ ᠢ | ᠤᠪᠠᠶᠢᠯᠠᠭᠰᠠᠨ ᠴᠦ ᠦᠭᠡᠢ ᠪᠠᠷ ᠤᠳᠠᠰᠤ ᠪᠠᠷ ᠶᠠᠷᠢᠵᠦ ᠪᠠᠶᠢᠭ᠎ᠠ ᠴᠠᠭᠠᠳᠤᠬᠢ ᠳᠤ ᠪᠠᠨ ᠤᠴᠠᠭᠠᠷᠯᠠᠨ ᠵᠠᠩᠨᠠᠵᠦ | ᠪᠠᠶᠢᠯ᠎ᠠ᠃ ᠬᠡᠵᠢᠶᠡᠳᠡ ᠳᠠᠶᠢᠪᠤᠡᠭ ᠳᠦᠯᠬᠡᠬᠡᠨ ᠢᠨᠢᠶᠡᠮᠰᠦᠭᠯᠡᠵᠦ ᠪᠠᠶᠢᠳᠠᠭ ᠲᠡᠷᠡ ᠮᠠᠨᠢ᠄ ︽ᠴᠢ ᠨᠠᠳᠠᠳᠤ ᠮᠦᠡᠭᠭᠦ | ᠦᠷᠢᠳᠦᠴᠢᠭᠡᠭᠡᠳ ᠪᠤᠴᠠᠭᠠᠳ ᠨᠠᠳᠠᠳᠤ ᠠᠪᠤ ᠪᠤᠯᠬᠤ ᠨᠢ ᠤᠤ︖︾ ᠭᠡᠵᠦ ᠬᠦᠮᠦᠰᠭᠡ ᠵᠠᠩᠭᠢᠳᠤᠨ ᠬᠡᠭᠵᠢᠭᠦᠷᠬᠡᠬᠡᠳ | ᠤᠳᠠᠰᠤ ᠪᠠᠨ ᠳᠠᠰ ᠨᠢᠰ ᠲᠠᠯᠪᠢᠭᠰᠠᠨ ᠢᠶᠠᠨ ᠰᠠᠢᠢ ᠮᠢᠨᠤ ᠦᠭᠡᠳᠡ ᠬᠠᠷᠠᠯ᠎ᠠ᠃ ︽ᠤᠨᠠᠭᠠᠨ ᠨᠠᠶᠢᠵᠢ ᠮᠢᠨᠢ ᠢᠷᠡᠭᠰᠡᠨ | ᠰᠠᠶᠢᠨ ᠪᠤᠯᠤᠯ᠎ᠠ᠃ ᠡᠳᠦᠷᠵᠢᠨ ᠦᠷᠢ ᠨᠡᠭᠡᠬᠦ ᠦᠭᠡᠢ ᠪᠤᠯ ᠦᠷᠢ ᠨᠡᠬᠡᠭᠦᠯᠦᠭᠡᠳ ᠪᠠᠷᠠᠬᠤ ᠶᠤᠮ ᠪᠢᠰᠢ᠃ ᠳᠤᠳᠤᠷ᠎ᠠ | ᠪᠠᠴᠢᠭᠤᠳᠠᠭᠠᠳ ᠳᠡᠯᠪᠡᠷᠡᠮᠡᠷ ᠪᠠᠶᠢᠨ᠎ᠠ᠃ ᠠᠭᠤᠳᠠᠯᠵᠦ ᠬᠡᠯᠡᠮᠡᠷ ᠬᠦᠮᠦᠨ ᠪᠠᠰᠠ ᠤᠯᠳᠠᠬᠤ ᠦᠭᠡᠢ᠃ ᠦᠨᠤᠳᠤᠷ | ᠬᠤᠶᠠᠭᠤᠯᠬᠠᠨ ᠢᠶᠠᠨ ᠭᠠᠶᠢᠭᠤᠢ ᠰᠠᠶᠢᠨ ᠵᠤᠭᠤᠭᠳᠠᠶ᠎ᠠ︾ ᠭᠡᠳ ᠦᠢᠯᠡᠴᠢᠯᠡᠭᠴᠢ ᠶᠢ ᠳᠤᠬᠢᠵᠦ ᠭᠠᠷᠭᠠᠭᠠᠳ ᠦᠪᠡᠷ | ᠢᠶᠠᠨ ᠬᠤᠨᠳᠠᠭᠠᠨ ᠳᠤ ᠠᠷᠢᠬᠢ ᠬᠡᠮᠨᠡᠯ᠎ᠡ᠃ ᠤᠷᠢᠳᠠᠪᠠᠷ ᠦᠨᠳᠦᠷ ᠨᠠᠰᠤᠳᠠᠳ ᠤᠨ ᠠᠮᠤᠷ ᠢ ᠨᠢᠭᠡ ᠨᠢᠭᠡ ᠪᠠᠷ | ᠠᠰᠠᠭᠤᠵᠦ᠂ ᠪᠤᠷᠬᠠᠨ ᠪᠤᠯᠤᠭᠰᠠᠨ ᠤ ᠬᠢᠨᠢ ᠬᠤᠶᠢᠨ᠎ᠠ ᠠᠴᠠ᠄ ︽ᠶᠤᠰᠤᠳᠠᠢ ᠭᠤᠶᠤ ᠠᠬᠠᠮᠠᠳ ᠰᠢᠤ︾ ᠬᠡᠮᠡᠨ | ᠲᠤᠯᠤᠭᠠᠢ ᠰᠡᠭᠰᠡᠷᠦᠨᠡ᠃ ᠳᠠᠷᠠᠭ᠎ᠠ ᠨᠢ ᠦᠶ᠎ᠡ ᠶᠢᠨ ᠨᠠᠶᠢᠵᠢ ᠨᠠᠷ ᠲᠠᠭᠠᠨ ︽ᠪᠠᠶᠢᠴᠠᠭᠠᠯᠳᠠ︾ ᠬᠢᠵᠦ ︽ᠪᠢ | ᠨᠤᠳᠤᠭ ᠲᠠᠭᠠᠨ ᠬᠠᠷᠢᠭᠠᠳ ᠲᠠ ᠨᠠᠷ ᠲᠠᠢ ᠪᠠᠨ ᠬᠠᠮᠳᠤ ᠪᠠᠶᠢᠭᠰᠠᠭᠠᠷ ᠪᠤᠴᠠᠵᠦ ᠢᠷᠡᠬᠦ ᠳᠤᠷ᠎ᠠ ᠦᠭᠡᠢ︾ ᠭᠡᠳ ᠬᠡᠮ | ᠲᠠᠢ ᠬᠢ ᠪᠠᠨ ᠭᠠᠭᠴᠠᠬᠠᠨ ᠬᠦᠨᠳᠡᠷᠦᠪᠡ᠃ ᠡᠵᠢ ᠠᠪᠤ ᠪᠠᠨ ᠵᠢᠷᠭᠠᠭᠤᠯᠤᠨ᠎ᠠ ᠭᠡᠵᠦ ᠢᠡᠭᠭᠢᠵᠦ ᠴᠢᠩᠭᠢᠵᠦ | ᠤᠬᠠᠭᠠᠯᠠᠭᠰᠠᠭᠠᠷ ᠨᠤᠳᠤᠭ ᠤᠰᠤ ᠠᠶᠢᠯ ᠰᠠᠬᠠᠭᠠᠯᠳᠠ ᠮᠠᠯᠵᠢᠯ ᠠᠮᠢᠳᠤᠷᠠᠯ ᠠᠴᠠ ᠨᠢ ᠰᠠᠯᠭᠠᠵᠦ ᠬᠤᠳᠠ ᠳᠤ | ᠠᠪᠴᠢᠷᠠᠨ ︽ᠲᠠᠩᠰᠤᠭᠯᠠᠭᠤᠯᠤᠭᠰᠠᠭᠠᠷ︾ ᠪᠠᠶᠢᠵᠦ ᠡᠷᠲᠡ ᠠᠴᠠ ᠡᠷᠲᠡ ᠬᠠᠳᠠᠨ ᠭᠡᠷ ᠲᠤ ᠨᠢ ᠶᠠᠪᠤᠭᠤᠯᠤᠭᠰᠠᠨ | ᠢᠶᠠᠨ ᠶᠠᠷᠢᠭᠠᠳᠲ᠋ᠠᠭᠤ ᠨᠢ ᠡᠷᠢᠶᠡᠨᠳᠤᠨ ᠬᠠᠮᠠᠷ ᠨᠢ ᠱᠤᠤᠬᠢᠳᠤᠨᠠᠵᠦ ᠨᠢᠯᠪᠤᠰᠤ ᠪᠠᠨ ᠴᠢᠳᠠᠨ ᠶᠠᠳᠠᠨ ᠬᠤᠷᠢᠵᠦ ᠪᠠᠶᠢᠭ᠎ᠠ | ᠨᠢ ᠢᠯᠡᠭᠡᠨ᠃ ᠶᠠᠭᠤ ᠬᠡᠯᠡᠬᠦ ᠪᠠᠨ ᠤᠯ ᠶᠠᠳᠠᠭᠰᠠᠨ ᠪᠢ ᠬᠡᠮ ᠡᠷᠭᠦᠭᠦ ᠳᠤ ᠲᠡᠷᠡ ᠮᠠᠨᠢ ᠪᠠᠰᠠ ᠯᠠ ᠬᠦᠨᠳᠡᠷᠦᠴᠢᠬᠡᠯᠡ᠃ | ︽ᠪᠢ ᠪᠠᠶᠠᠨ ᠬᠦᠮᠦᠨ᠂ ᠪᠢ ᠡᠨᠡ ᠬᠤᠳᠠ ᠳᠠᠭᠠᠨ ᠲᠤᠯᠤᠭᠠᠢ ᠪᠠᠶᠠᠨ ᠪᠢᠰᠢ ᠴᠦ ᠳᠤᠭᠠᠯᠠᠪᠠᠯ ᠳᠡᠰ ᠲᠤ | ᠤᠷᠤᠳᠠᠭ ᠤᠨ ᠬᠢᠨᠢ ᠨᠢᠭᠡ ᠨᠢ᠃ ᠭᠡᠳᠡᠯ᠎ᠡ ᠠᠮᠢᠳᠤᠷᠠᠯ ᠶᠠᠮᠠᠷ ᠪᠠᠶᠢᠨ᠎ᠠ︖ ᠦᠳᠡᠰᠢ ᠤᠷᠤᠢ ᠠᠴᠠ ᠤᠷᠤᠢ ᠭᠡᠷ | ᠲᠡᠭᠡᠨ ᠬᠠᠷᠢᠵᠦ᠂ ᠦᠷᠯᠦᠭᠡ ᠡᠷᠲᠡ ᠠᠴᠠ ᠡᠷᠲᠡ ᠭᠠᠷᠴᠦ ᠶᠠᠪᠤᠨ᠎ᠠ᠃ ᠭᠡᠷ ᠠᠴᠠ ᠲᠡᠷᠭᠡ᠂ ᠲᠡᠷᠭᠡᠨ ᠠᠴᠠ ᠠᠯᠪᠠᠨ ᠭᠡᠷ᠂ | ᠬᠤᠭᠤᠯᠠᠨ ᠭᠡᠷ᠂ ᠪᠢ ᠶᠠᠭ ᠠᠮᠢᠳᠤ ᠪᠠᠷ ᠢᠶᠠᠨ ᠠᠪᠰᠠᠨ ᠳᠤ ᠤᠷᠤᠭᠰᠠᠨ ᠰᠢᠭ᠋ ᠪᠠᠶᠢᠨ᠎ᠠ᠃ ᠪᠢ ᠡᠳᠦᠷᠵᠢᠨ ᠦᠪᠡᠷ | ᠤᠨ ᠢᠶᠠᠨ ᠳᠤᠳᠤᠨᠤ ᠬᠦᠮᠦᠨ ᠠᠴᠠ ᠪᠠᠨ ᠵᠠᠶᠢᠳᠠᠴᠢᠬᠠᠭᠠᠳ ᠬᠠᠭᠤᠷᠮᠠᠭ ᠢᠶᠠᠷ ᠵᠢᠷᠠᠭᠠᠵᠦ ᠶᠠᠪᠤᠨ᠎ᠠ︾᠃ | ︽ᠡᠨᠡ ᠬᠤᠳᠠ ᠭᠡᠳᠡᠭ ᠴᠢᠨᠢ ᠶᠠᠭᠤ ᠶᠤᠮ᠂ ᠤᠳᠤᠭ᠎ᠠ ᠪᠠᠷ ᠠᠮᠢᠰᠬᠤᠯᠠᠯᠵᠦ ᠬᠤᠤᠷ ᠢᠶᠠᠷ ᠬᠤᠭᠤᠯᠯᠠᠵᠦ | ᠤᠴᠠᠭᠠᠷ ᠢᠶᠠᠷ ᠴᠠᠳᠳᠠᠭ ᠭᠠᠵᠠᠷ᠃ ᠴᠡᠪᠳᠡᠭ ᠰᠡᠳᠬᠢᠯᠳᠡᠨ᠂ ᠬᠤᠪᠳᠤᠭ ᠰᠢᠨᠤᠯᠳᠠᠨ᠂ ᠦᠡᠭᠭᠡᠪᠴᠢ ᠵᠢᠰᠦᠷᠲᠡᠨ᠂ | ᠳᠠᠩᠬᠠᠢ ᠠᠮᠢᠳᠠᠳ ᠤᠨ ᠳᠤᠭᠯᠠᠳᠠᠭ ᠭᠠᠵᠠᠷ᠃ ᠪᠢ ᠦᠪᠡᠷ ᠢ ᠪᠠᠨ ᠬᠡᠬᠡᠴᠢᠭᠡᠭᠡᠳ᠂ ᠠᠯᠳᠠᠵᠦ ᠶᠠᠪᠤᠭᠤᠯᠤᠴᠢᠬᠠᠭᠠᠳ | ᠡᠷᠢᠵᠦ ᠤᠯᠬᠤ ᠦᠭᠡᠢ ᠭᠠᠰᠠᠯᠵᠦ ᠪᠠᠶᠢᠨ᠎ᠠ᠃ ᠪᠢ ᠬᠤᠳᠠ ᠶᠢᠨ ᠰᠢᠨ᠎ᠡ ᠢᠵᠠᠭᠤᠷᠲᠠᠨ ᠪᠤᠯᠵᠦ ᠤᠪᠠᠯᠠᠵᠦ ᠶᠠᠪᠤᠨ᠎ᠠ᠃ | ᠨᠠᠮ ᠤᠨ ᠭᠡᠳᠡᠯ᠎ᠡ ᠠᠷᠠᠳ ᠤᠨ ᠲᠦᠯᠦᠭᠡᠯᠡᠭᠴᠢ᠂ ᠡᠨᠡ ᠲᠡᠷᠡ ᠨᠡᠶᠢᠭᠡᠮᠯᠢᠭ ᠤᠨ ᠨᠡᠷ᠎ᠡ ᠬᠦᠨᠳᠦᠳᠦ ᠬᠡᠮᠡᠭᠳᠡᠵᠦ ᠨᠡᠶᠢᠭᠡᠮ | ᠤᠨ ᠳᠡᠭᠡᠳᠦ ᠳᠠᠪᠬᠤᠷᠭᠠᠳᠠᠨ ᠤ ᠡᠩᠨᠡᠭᠡᠨ ᠳᠤ ᠳᠤᠩᠬᠠᠯᠵᠠᠵᠦ ᠶᠠᠪᠤᠨ᠎ᠠ᠃ ᠪᠢ ᠡᠷᠡᠭᠦᠯ ᠮᠡᠨᠳᠦ᠂ ᠡᠬᠡᠨᠡᠷ ᠬᠡᠤᠬᠡᠳ ᠲᠠᠢ | ᠪᠠᠨ ᠬᠠᠮᠳᠤ ᠡᠳ᠋ᠯᠡᠬᠦ ᠪᠠᠶᠠᠷ ᠵᠢᠷᠭᠠᠯ ᠢᠶᠠᠨ ᠵᠤᠯᠢᠶᠠᠰᠤᠯᠤᠭᠠᠳ ᠡᠳ᠋ ᠠᠰᠢᠭ᠂ ᠨᠡᠷ᠎ᠡ ᠲᠦᠷᠦ ᠶᠢᠨ ᠪᠤᠱᠤᠭᠠᠨ ᠪᠤᠭᠤᠯ | ᠶᠠᠪᠤᠵᠦ ᠪᠠᠶᠢᠨ᠎ᠠ᠃ ᠪᠢ ᠠᠮᠢᠳᠤᠷᠠᠯ ᠠᠴᠠ ᠭᠠᠳᠠᠭᠤᠷ ᠲᠠᠩᠰᠤᠭᠯᠠᠵᠦ ᠴᠠᠭ ᠮᠦᠴᠡ ᠠᠴᠠ ᠭᠠᠳᠠᠭᠤᠷ ᠶᠠᠭᠠᠷᠠᠵᠦ | ᠶᠠᠪᠤᠨ᠎ᠠ᠃ ᠪᠢ ᠬᠦᠮᠦᠨ ᠲᠦᠷᠦᠯᠬᠢᠲᠡᠨ ᠤ ᠠᠮᠢᠳᠤᠷᠠᠯ ᠤᠨ ᠵᠤᠯ ᠵᠢᠷᠭᠠᠯ ᠢ ᠤᠷᠬᠢᠯ ᠳᠤ ᠨᠢ ᠳᠤᠯᠳᠠᠯ᠎ᠠ ᠵᠤᠬᠢᠶᠠᠭᠰᠠᠨ | ᠨᠡᠭᠦᠳᠡᠯᠴᠢᠨ ᠢᠵᠡᠭᠤᠷᠲᠠᠨ ᠠᠴᠠ ᠪᠠᠨ ᠠᠩᠭᠢ ᠵᠠᠶᠢᠳᠠᠭᠤ ᠵᠤᠯ ᠵᠢᠷᠭᠠᠯ ᠤᠨ ᠡᠷᠢᠯ ᠢᠶᠠᠷ ᠮᠠᠰᠢ ᠬᠤᠯᠠᠭᠤᠷ | ᠲᠦᠭᠡᠷᠢᠵᠦ ᠶᠠᠪᠤᠨ᠎ᠠ︾᠃ | ︽ᠠᠪᠤ ᠡᠵᠢ ᠮᠢᠨᠢ ᠬᠦᠳᠡᠭᠡ ᠳᠤ ᠪᠠᠨ ᠪᠠᠶᠢᠭᠰᠠᠨ ᠪᠤᠯ ᠮᠦᠨ ᠳᠡᠳᠡᠭᠡᠷ ︿ᠨᠤᠳᠤᠭ ᠢᠶᠠᠨ ᠰᠠᠬᠢᠵᠦ | ᠨᠤᠭᠤᠯᠤᠭᠤᠷᠭᠠ ᠪᠠᠨ ᠢᠳᠡᠭᠰᠡᠨ﹀ ᠪᠤᠭᠤᠷᠤᠯᠴᠤᠳ ᠲᠠᠢ ᠠᠳᠠᠯᠢ ᠠᠮᠢᠳᠤ ᠰᠡᠷᠡᠭᠦᠨ ᠵᠢᠷᠭᠠᠵᠦ ᠪᠠᠶᠢᠵᠦ ᠮᠡᠳᠡᠨ᠎ᠡ᠃ | ᠠᠪᠤ ᠡᠵᠢ ᠪᠠᠨ ᠰᠠᠨᠠᠬᠤ ᠳᠤᠳᠤᠮ ᠢᠶᠠᠨ ᠪᠤᠰᠤᠭ᠎ᠠ ᠡᠷ᠎ᠠ ᠪᠢ ᠰᠡᠳᠬᠢᠯ ᠢᠶᠠᠷ ᠢᠶᠠᠨ ᠤᠨᠠᠭᠠᠳ ᠪᠠᠶᠢᠨ᠎ᠠ ᠡ᠂ ᠨᠠᠶᠢᠵᠢ | ᠮᠢᠨᠢ︾ ᠭᠡᠳ ᠡᠬᠡᠷ ᠳᠠᠳᠠᠨ ᠤᠬᠢᠯᠠᠴᠢᠬᠠᠬᠤ ᠨᠢ ᠲᠡᠷᠡ᠃ | ᠦᠷᠨᠢᠩᠭᠦᠢ ᠬᠦᠢᠲᠡᠨ ᠤᠮᠳᠠᠭᠠᠨ ᠠᠰᠬᠠᠨ ᠴᠢᠳᠬᠤᠨ ᠵᠠᠯᠬᠢᠯᠠᠵᠦ ᠠᠷᠢᠬᠢᠨ ᠤ ᠢᠳᠡ ᠨᠢ ᠪᠠᠭ᠋ᠠᠨ | ᠳᠠᠷᠤᠭᠳᠠᠭᠰᠠᠨ ᠪᠤᠯᠤᠯᠳᠠᠢ ᠤᠷᠤᠭᠤᠯ ᠠᠮᠠ ᠪᠠᠨ ᠵᠦᠯᠭᠦᠨ ᠭᠦᠨ ᠠᠮᠢᠰᠬᠤᠭ᠎ᠠ ᠠᠪᠤᠭᠰᠠᠨ ᠢᠶᠠᠨ᠄ ︽ᠵᠠ᠂ ᠨᠠᠶᠢᠵᠢ | ᠮᠢᠨᠢ᠂ ᠡᠪ ᠦᠭᠡᠢ ᠪᠤᠯᠤᠯ᠎ᠠ᠃ ᠠᠭᠤᠯᠵᠠᠭᠰᠠᠭᠠᠷ ᠯᠠ ᠭᠠᠰᠠᠯᠠᠩ ᠵᠤᠪᠠᠯᠠᠩ ᠢᠶᠠᠨ ᠳᠤᠭᠠᠴᠢᠭᠠᠳ ᠴᠢᠮᠠᠢᠢ ᠪᠠᠨ | ᠰᠠᠶᠢᠬᠠᠨ ᠵᠤᠴᠢᠯᠠᠬᠤ ᠪᠠᠨ ᠮᠠᠷᠳᠠᠴᠢᠬᠠᠯ᠎ᠠ᠃ ᠤᠳᠤ ᠰᠠᠶᠢᠬᠠᠨ ᠶᠠᠭᠤᠮ᠎ᠠ ᠶᠠᠷᠢᠨ᠎ᠠ᠃ ᠨᠠᠶᠢᠵᠢ ᠨᠢ ᠤᠳᠤ ᠰᠠᠶᠢᠬᠠᠨ | ᠶᠠᠷᠢᠨ᠎ᠠ ᠰᠢᠤ᠃ ᠮᠢᠨᠤ ᠨᠠᠶᠢᠵᠢ ᠪᠠᠰᠠ ᠰᠠᠶᠢᠬᠠᠨ ᠶᠠᠭᠤᠮ᠎ᠠ ᠶᠠᠷᠢᠭᠠᠴᠢ︕︾ ᠭᠡᠵᠦ ᠨᠠᠮᠠᠢᠢ ᠬᠦᠴᠦᠲᠡᠢ ᠨᠢᠳᠤᠷᠤᠯᠠ᠃ | ︽ᠵᠦᠯᠭᠡᠨ ᠤ ᠲᠠᠤᠯᠠᠢ ᠶᠢ ᠰᠠᠯᠬᠢ ᠦᠷᠭᠦᠭᠡᠵᠦ᠂ ᠵᠢᠷᠦᠬᠡᠨ ᠤ ᠦᠭᠡ ᠶᠢ ᠠᠷᠢᠬᠢ ᠭᠠᠷᠭᠠᠨ᠎ᠠ︾ ᠭᠡᠭᠴᠢ | ᠦᠨᠡᠨ ᠳ᠋ᠠ᠃ ᠨᠠᠶᠢᠵᠢ ᠶᠢᠨ ᠮᠢᠨᠢ ᠶᠠᠷᠢᠭᠰᠠᠨ ᠦᠭᠡ ᠪᠤᠯᠭᠠᠨ ᠦᠨᠡᠨ ᠶᠤᠰᠤ ᠰᠢᠭ᠋ ᠰᠠᠨᠠᠭᠳᠠᠵᠦ ᠬᠤᠳᠠ ᠤᠷᠤᠬᠤ | ᠭᠡᠰᠡᠨ ᠰᠠᠨᠠᠭ᠎ᠠ ᠮᠢᠨᠢ ᠤᠷᠤ ᠲᠠᠰᠤ ᠠᠷᠢᠯᠪᠠ᠃ ᠪᠢ ᠴᠢᠨᠢ ᠡᠰᠡᠯ᠎ᠡ ︽ᠵᠤᠪᠠᠯᠠᠩ ᠢᠶᠠᠨ ᠵᠤᠭᠤᠰ ᠢᠶᠠᠷ᠂ ᠵᠢᠷᠤᠭ᠎ᠠ | ᠮᠤᠷᠢ ᠪᠠᠨ ᠡᠯᠵᠢᠭᠡ ᠪᠠᠷ︾ ᠤᠨ ᠦᠯᠢᠭᠡᠷ ᠭᠠᠷᠭᠠᠴᠢᠬᠠᠬᠤ ᠠᠯᠳᠠᠯ᠎ᠠ᠃ ᠵᠠᠯᠠᠭᠤ ᠠᠴᠠ ᠪᠠᠨ ᠬᠤᠳᠠ ᠳᠤ ᠢᠷᠡᠭᠡᠳ | ᠠᠮᠵᠢᠯᠳᠠ ᠭᠠᠷᠭᠠᠭᠰᠠᠨ ᠡᠷᠳᠡᠮ ᠴᠢᠳᠠᠪᠤᠷᠢ ᠲᠠᠢ ᠬᠦᠮᠦᠨ ᠪᠠᠰᠠ ᠢᠡᠭᠭᠢᠵᠦ ᠪᠠᠶᠢᠬᠤ ᠶᠤᠮ ᠴᠢᠨᠢ ᠮᠢᠨᠤ ᠵᠡᠷᠭᠡ ᠶᠢᠨ | ᠬᠦᠮᠦᠨ ᠴᠤᠬᠤᠮ ᠦᠷᠪᠤᠡᠭ ᠢᠶᠠᠷ ᠢᠶᠠᠨ ᠳᠤᠰᠠᠬᠤ ᠶᠤᠮ ᠪᠠᠶᠢᠨ᠎ᠠ᠃ ᠮᠠᠭᠤ ᠨᠠᠶᠢᠵᠢ ᠮᠢᠨᠢ ᠨᠠᠳᠠ ᠠᠴᠠ ᠬᠤᠯᠠ | ᠢᠯᠡᠭᠦᠤ ᠵᠤᠪᠠᠭᠤᠷᠢ ᠲᠠᠢ ᠪᠠᠶᠢᠭ᠎ᠠ ᠶᠤᠮ ᠪᠠᠶᠢᠨ᠎ᠠ᠃ ᠪᠢ ᠨᠠᠶᠢᠵᠢ ᠶᠢᠨ ᠢᠶᠠᠨ ᠮᠢᠨᠤ ᠰᠠᠨᠠᠭ᠎ᠠ ᠶᠢ ᠮᠠᠳᠡᠴᠢᠬᠡᠬᠡᠳ | ᠢᠳᠬᠠᠵᠦ ᠪᠠᠶᠢᠭ᠎ᠠ ᠰᠢᠭ᠋ ᠶᠠᠷᠢᠭᠰᠠᠨ ᠳᠤ ᠰᠡᠳᠬᠢᠯ ᠠᠴᠠ ᠪᠠᠨ ᠪᠠᠶᠠᠷᠯᠠᠵᠦ᠂ ᠶᠠᠭᠤᠨ ᠰᠠᠶᠢᠨ ᠡᠭᠦᠨ ᠢ ᠪᠠᠨ ᠡᠷᠢᠭᠡᠳ | ᠢᠷᠡᠭᠰᠡᠨ ᠪᠤᠢ ᠭᠡᠵᠦ ᠳᠤᠳᠤᠷ᠎ᠠ ᠪᠠᠨ ᠵᠠᠯᠪᠢᠷᠠᠯᠠ᠃ | ︽ᠵᠠ᠂ ᠤᠳᠤ ᠨᠠᠶᠢᠵᠢ ᠨᠢ ᠴᠢᠮ᠎ᠠ ᠳᠠᠭᠠᠨ ᠭᠡᠷᠭᠡᠢ ᠪᠢᠳᠡ ᠬᠤᠶᠠᠷ ᠤᠨ ᠰᠢᠨᠡᠬᠡᠨ ᠲᠦᠯᠦᠪᠯᠡᠭᠡ ᠪᠠᠨ ᠬᠡᠯᠡᠵᠦ | ᠦᠭᠭᠦᠶ᠎ᠡ︾ ᠭᠡᠰᠡᠨ ᠪᠠᠶᠠᠷᠯᠠᠩᠭᠤᠢ ᠳᠠᠭᠤᠨ ᠳᠤ ᠪᠤᠳᠤᠯ ᠳᠠᠰᠤᠯᠤᠭᠳᠠᠨ ᠦᠷᠨᠢᠩᠭᠦᠢ ᠶᠢ ᠬᠠᠷᠠᠪᠠᠯ ᠨᠢᠭᠤᠷ ᠢᠶᠠᠨ | ᠨᠤᠷᠭᠠᠵᠦ ᠦᠰᠦ ᠭᠡᠵᠢᠭᠡ ᠶᠠᠩᠵᠤᠯᠠᠴᠢᠬᠠᠭᠰᠠᠨ ᠨᠠᠮᠠᠢᠢ ᠬᠠᠷᠠᠨ ᠢᠨᠢᠶᠡᠨ ᠵᠤᠭᠰᠤᠵᠦ ᠪᠠᠶᠢᠪᠠ᠃ | ︽ᠨᠠᠮᠠᠢᠢ ᠵᠤᠭᠤᠰ ᠵᠤᠭᠤᠰ ᠭᠡᠳ ᠦᠭᠦᠯ ᠠᠯᠳᠠᠨ ᠶᠠᠭᠠᠷᠠᠵᠦ ᠪᠠᠶᠢᠬᠤ ᠵᠢᠯ ᠤᠳ ᠲᠤ ᠮᠢᠨᠤ ᠭᠡᠷᠭᠡᠢ ᠬᠤᠳᠠ | ᠬᠦᠳᠡᠭᠡ ᠬᠤᠶᠠᠷ ᠤᠨ ᠬᠤᠭᠤᠷᠤᠨᠳᠤ ᠬᠤᠯᠬᠢᠭᠠᠳ ᠪᠠᠶᠢᠳᠠᠭ ᠢ ᠨᠢ ᠪᠢ ᠤᠶᠢᠰᠢᠶᠠᠳᠠᠭ ᠴᠦ ᠦᠭᠡᠢ᠃ ᠮᠠᠯᠴᠢᠨ ᠤ | ᠦᠷᠡᠰ ᠤᠨ ᠵᠤᠯ ᠵᠢᠷᠭᠠᠯ ᠬᠤᠳᠠ ᠳᠤ ᠦᠭᠡᠢ ᠬᠦᠳᠡᠭᠡ ᠳᠤ ᠪᠠᠶᠢᠳᠠᠭ ᠢ ᠤᠬᠠᠭᠠᠷᠠᠭᠠᠳ ᠬᠦᠳᠡᠭᠡ ᠳᠡᠭᠡᠨ ᠬᠠᠷᠢᠮᠠᠷ | ᠪᠠᠶᠢᠨ᠎ᠠ ᠭᠡᠬᠦ ᠶᠢᠨ ᠦᠶ᠎ᠡ ᠳᠤ ᠨᠢᠭᠤᠵᠦ ᠪᠠᠶᠢᠭᠰᠠᠨ ᠶᠤᠮ ᠤᠤ ᠡᠰᠡᠭᠦᠯ᠎ᠡ ᠪᠢ ᠤᠶᠢᠰᠢᠶᠠᠬᠤ ᠦᠭᠡᠢ ᠪᠤᠯᠬᠤᠷ | ᠳᠤᠤᠭᠠᠷᠬᠤ ᠦᠭᠡᠢ ᠪᠠᠶᠢᠭᠰᠠᠨ ᠤ ᠠᠯᠢ ᠨᠢ ᠪᠤᠯᠤᠭ ᠶᠠᠭᠤ ᠭᠡᠰᠡᠨ ᠰᠡᠳᠬᠢᠯ ᠬᠦᠳᠡᠯᠭᠡᠬᠦ ᠰᠠᠶᠢᠬᠠᠨ ᠤᠴᠢᠷ ᠢ | ᠳᠡᠯᠭᠡᠭᠡᠳ ᠦᠭᠭᠦᠭᠰᠡᠨ ᠢ ᠶᠠᠭᠠᠬᠢᠨ᠎ᠡ︖︾᠂ ︽ᠴᠢ ᠮᠡᠳᠡᠨ᠎ᠡ ᠰᠢᠳᠠ᠂ ᠮᠢᠨᠤ ᠬᠡᠷᠭᠡᠢ ᠬᠦᠳᠡᠭᠡ ᠳᠡᠭᠡᠨ ᠪᠠᠶᠢᠭᠰᠠᠨ᠃ | ᠨᠠᠳᠠ ᠲᠠᠢ ᠬᠤᠷᠢᠮᠯᠠᠭᠠᠳ ᠰᠠᠢᠢ ᠬᠤᠳᠠ ᠳᠤ ᠢᠷᠡᠭᠰᠡᠨ ᠪᠤᠯᠬᠤᠷ ᠦᠨᠤ ᠡᠷᠦᠬᠡ ᠠᠮᠠ ᠶᠢᠨ ᠳᠠᠩᠰᠠ ᠭᠡᠳᠡᠭ | ᠶᠠᠭᠤᠮ᠎ᠠ ᠶᠢ ᠨᠠᠰᠢ ᠪᠠᠨ ᠰᠢᠯᠵᠢᠭᠦᠯᠦᠭᠰᠡᠨ ᠦᠭᠡᠢ ᠶᠤᠮ᠃ ᠭᠡᠷ ᠤᠨ ᠤᠴᠢᠷ ᠢ ᠮᠠᠨ ᠤ ᠬᠦᠮᠦᠨ ᠨᠠᠳᠠ ᠲᠠᠢ | ᠵᠦᠪᠳᠡᠨᠡ ᠭᠡᠪᠡᠯ ᠪᠢ ᠶᠠᠭᠠᠷᠠᠤ ᠳᠠᠭᠠᠨ ᠰᠢᠯᠳᠠᠵᠦ ︿ᠴᠢ ᠦᠵᠡᠵᠦ ᠪᠠᠶᠢᠭᠠᠳ ᠪᠤᠯᠭᠠᠴᠢᠬᠠ﹀ ᠭᠡᠳ ᠳᠦᠯᠬᠢᠴᠡᠳᠡᠭ | ᠶᠤᠮ᠃ ᠲᠡᠭᠡᠭᠰᠡᠨ ᠴᠢᠨᠢ ᠶᠠᠭᠤ ᠪᠤᠯᠵᠦ ᠤᠤ︖ ᠮᠠᠨ ᠤ ᠬᠦᠮᠦᠨ ᠭᠤᠷᠪᠠᠨ ᠬᠡᠤᠬᠡᠳ ᠤᠨ ᠢᠶᠠᠨ ᠨᠢᠬᠡ ᠶᠢ ᠨᠢ | ᠦᠪᠡᠷ ᠤᠨ ᠨᠡᠷ᠎ᠡ ᠳᠡᠭᠡᠷ᠎ᠡ᠂ ᠬᠤᠶᠠᠷ ᠢ ᠨᠢ ᠡᠪᠦᠭᠡ ᠡᠮᠡᠭᠡ ᠶᠢᠨ ᠬᠢᠨᠢ ᠨᠡᠷ᠎ᠡ ᠳᠡᠭᠡᠷ᠎ᠡ ᠳᠡᠮᠳᠡᠭᠯᠡᠭᠦᠯᠴᠢᠬᠡᠭᠰᠡᠨ ᠪᠠᠶᠢᠵᠠᠢ᠃ | ᠤᠳᠤ ᠪᠤᠯᠬᠤ ᠳᠤ ᠦᠪᠡᠷ ᠤᠨ ᠬᠢᠨᠢ ᠭᠠᠵᠠᠷ ᠨᠤᠳᠤᠭ᠂ ᠡᠪᠦᠭᠡ ᠡᠮᠡᠭᠡ ᠶᠢᠨ ᠬᠢᠨᠢ ᠭᠠᠵᠠᠷ ᠨᠤᠳᠤᠭ ᠢ ᠦᠮᠴᠢᠯᠡᠨ | ᠠᠪᠤᠭᠰᠠᠨ ᠢ ᠨᠡᠶᠢᠯᠡᠭᠦᠯᠵᠦ ᠪᠤᠳᠤᠪᠠᠯ ᠬᠢᠷᠢ ᠪᠠᠷᠤᠭ ᠤᠨ ᠠᠶᠢᠯ ᠠᠴᠠ ᠬᠤᠯᠠ ᠢᠯᠡᠭᠦᠤ ᠨᠤᠳᠤᠭ ᠲᠠᠢ ᠠᠶᠢᠯ | ᠪᠤᠯᠴᠢᠬᠠᠵᠠᠢ᠃ ᠤᠳᠤ ᠪᠢ ᠴᠢᠨᠢ ᠭᠡᠷᠭᠡᠢ ᠶᠢᠨ ᠢᠶᠠᠨ ᠰᠠᠶᠢᠨ ᠢᠶᠠᠷ ︿ᠲᠦᠭᠡᠷᠢᠭᠰᠡᠭᠡᠷ ᠲᠦᠭᠡᠷᠢᠭᠰᠡᠭᠡᠷ ᠲᠦᠷᠦᠯ ᠳᠡᠭᠡᠨ | ﹀ ᠬᠠᠷᠢᠬᠤ ᠪᠤᠯᠵᠦ ᠪᠠᠶᠢᠨ᠎ᠠ᠃ ᠮᠠᠨ ᠤ ᠮᠠᠯᠴᠢᠨ ᠬᠦᠮᠦᠨ ᠡᠨᠡ ᠬᠤᠳᠠ ᠳᠤ ᠴᠠᠭᠠᠭᠴᠢᠯᠠᠬᠤ ᠪᠠᠷ ᠬᠠᠰᠢ ᠯᠠ | ᠬᠦᠷᠦᠰᠦ ᠲᠠᠢ ᠬᠦᠷᠦᠩᠭᠡ ᠲᠠᠢ ᠪᠠᠨ ᠵᠢᠭᠤᠷᠠᠵᠦ᠂ ᠦᠰᠦ ᠲᠠᠢ ᠪᠤᠶᠠᠨ ᠢᠶᠠᠨ ᠦᠰᠭᠡᠪᠡᠯ ᠰᠠᠢᠢ ᠡᠷᠭᠡ ᠵᠢᠷᠭᠠᠯ ᠲᠠᠢ | ᠠᠮᠢᠳᠤᠷᠠᠵᠦ ᠳᠡᠶᠢᠯᠦᠨ᠎ᠡ᠃ ︿ᠨᠤᠳᠤᠭ ᠠᠯᠳᠠᠪᠠᠯ ᠭᠤᠳᠤᠭ ᠠᠯᠳᠠᠨ᠎ᠠ﹀᠂ ᠡᠳ᠋ ᠮᠦᠡᠭᠭᠦ ᠭᠠᠭᠴᠠ ᠦᠶ᠎ᠡ ᠶᠢᠨ ᠪᠤᠶᠠᠨ᠂ | ᠭᠠᠵᠠᠷ ᠨᠤᠳᠤᠭ ᠦᠶ᠎ᠡ ᠶᠢᠨ ᠦᠶ᠎ᠡ ᠶᠢᠨ ᠪᠤᠶᠠᠨ᠃ ᠮᠢᠨᠤ ᠬᠦᠳᠡᠭᠡ ᠳᠡᠭᠡᠨ ᠬᠠᠷᠢᠬᠤ ᠶᠢᠨ ᠭᠤᠤᠯ ᠵᠤᠷᠢᠯᠭ᠎ᠠ ᠨᠢ | ᠦᠪᠡᠷ ᠢᠶᠠᠨ ᠵᠢᠷᠭᠠᠯ ᠡᠳ᠋ᠯᠡᠬᠦ ᠪᠠᠷ ᠪᠠᠷᠠᠬᠤ ᠦᠭᠡᠢ ᠦᠷ᠎ᠡ ᠬᠡᠤᠬᠡᠳ ᠢ ᠪᠠᠨ ᠦᠮᠴᠢᠯᠡᠵᠦ ᠤᠯᠬᠤ ᠭᠠᠵᠠᠷ ᠨᠤᠳᠤᠭ | ᠲᠠᠢ ᠨᠢ ᠬᠠᠶᠢᠷ᠎ᠠ ᠰᠡᠳᠬᠢᠯ ᠢᠶᠠᠷ ᠨᠢ ᠠᠷᠭᠠᠮᠵᠢᠵᠦ ᠲᠠᠯᠪᠢᠶ᠎ᠠ ᠭᠡᠰᠡᠨ ᠤᠬᠠᠭᠠᠨ︾᠃ | ᠬᠤᠳᠠ ᠳᠤ ᠨᠡᠭᠦᠭᠰᠡᠨ ᠬᠦᠮᠦᠰ ᠤᠨ ᠠᠯᠢ ᠰᠠᠶᠢᠬᠠᠨ ᠲᠠᠯ᠎ᠠ ᠶᠢ ᠨᠢ ᠳᠤᠭᠠᠴᠢᠵᠦ ᠪᠢᠳᠡ ᠪᠠᠰᠠ ᠬᠤᠳᠠ | ᠤᠷᠤᠬᠤ ᠴᠦ ᠶᠤᠮ ᠤᠤ ᠭᠡᠵᠦ ᠦᠭᠡᠨ ᠰᠡᠵᠢᠭᠦᠷ ᠴᠤᠬᠤᠶᠢᠯᠭᠠᠪᠠᠯ ᠭᠡᠷᠭᠡᠢ ᠮᠢᠨᠢ᠄ ︽ᠪᠢ ᠬᠠᠶᠢᠷ᠎ᠠ ᠲᠠᠢ ᠮᠠᠯ ᠠᠴᠠ | ᠪᠠᠨ ᠰᠠᠯᠪᠠᠯ ᠰᠦᠨᠡᠰᠦ ᠪᠠᠨ ᠭᠡᠭᠡᠴᠢᠭᠡᠬᠦ ᠪᠠᠶᠢᠬ᠎ᠠ︖ ᠳᠡᠭᠡᠭᠡᠳ ᠴᠢ ᠰᠦᠨᠡᠰᠦ ᠦᠭᠡᠢ ᠡᠭᠡᠨᠡᠷ ᠳᠠᠭᠠᠭᠤᠯᠤᠭᠠᠳ | ᠬᠤᠳᠠ ᠤᠷᠤᠪᠠᠯ ᠤᠯᠠᠨ ᠤ ᠡᠯᠡᠭ ᠪᠤᠯᠤᠨ᠎ᠠ ᠳ᠋ᠠ︾ ᠬᠡᠵᠦ ᠨᠠᠭᠠᠳᠤᠮ ᠬᠢᠭᠡᠳ ᠦᠡᠭᠭᠡᠷᠡᠭᠡᠳᠡᠭ ᠶᠤᠮ᠃ ᠮᠠᠨ ᠤ | ᠬᠦᠮᠦᠨ ᠦᠨᠡᠷᠡᠨ ᠴᠦ ᠮᠠᠯ ᠳᠠᠭᠠᠨ ᠬᠠᠶᠢᠷ᠎ᠠ ᠲᠠᠢ ᠭᠡᠳᠡᠭ ᠨᠢ ᠵᠢᠭᠲᠡᠶᠢᠬᠡᠨ᠃ ᠦᠨᠢᠶ᠎ᠡ ᠳᠤᠭᠤᠯ ᠲᠠᠢ ᠪᠠᠨ | ᠲᠦᠡᠭᠭᠢᠨᠡᠲᠡᠯᠡ ᠶᠠᠷᠢᠭᠠᠳ ᠯᠠ᠂ ᠵᠠᠷᠢᠮ ᠳᠠᠭᠠᠨ ᠪᠦᠷ ᠬᠠᠳᠠᠭᠠᠨᠠᠲᠠᠯ᠎ᠠ ᠢᠨᠢᠶᠡᠭᠡᠳ ᠯᠠ ᠨᠠᠶᠢᠵᠢᠷᠬᠠᠴᠢᠬᠠᠬᠤ ᠶᠤᠮ᠃ | ᠪᠠᠷᠤᠭ ᠤᠨ ᠳᠤᠭᠰᠢᠨ ᠭᠤᠨᠵᠢ ᠤᠳ ᠢ ᠤᠬᠠᠭᠠᠯᠵᠦ ᠠᠷᠭᠠᠳᠠᠵᠦ ᠪᠠᠶᠢᠭᠠᠳ ᠰᠠᠭᠠᠭᠠᠳ ᠰᠤᠷᠭᠠᠴᠢᠬᠠᠨᠠ᠃ ᠦᠭᠡᠢ᠂ | ᠶᠡᠷᠤᠨᠢ ᠮᠠᠨ ᠤ ᠬᠦᠮᠦᠨ ᠮᠠᠯ ᠳᠤ ᠰᠠᠶᠢᠨ ᠪᠠᠶᠢᠳᠠᠭ ᠤᠨ ᠬᠢ ᠴᠤ ᠶᠤᠮ ᠤᠤ︖ ᠮᠠᠨ ᠤ ᠮᠠᠯ ᠦᠰᠦᠨ᠎ᠡ ᠭᠡᠵᠦ | ᠦᠰᠦᠨ᠎ᠡ ᠤᠤ︖ ᠦᠪᠡᠷ ᠤᠨ ᠰᠦᠷᠦᠭ ᠠᠴᠠ ᠪᠠᠨ ᠢᠳᠡᠰᠢᠨ ᠤ ᠰᠤᠪᠠᠢ ᠦᠨᠢᠶ᠎ᠡ ᠤᠯᠤᠶ᠎ᠠ ᠭᠡᠳ ᠭᠠᠷᠳᠠᠭ | ᠦᠭᠡᠢ᠃ ᠬᠦᠷᠡᠩ ᠪᠤᠷᠤ ᠴᠢᠷᠠᠢ ᠳᠠᠭᠠᠨ ᠬᠡᠵᠢᠶᠡᠳᠡ ᠪᠠᠨ ᠢᠨᠢᠶᠡᠳᠦ ᠳᠤᠳᠤᠷᠠᠭᠤᠯᠵᠦ ᠳᠠᠭᠤᠤ ᠠᠶᠠᠯᠠᠭᠤᠯᠤᠨ ᠭᠡᠷ | ᠭᠠᠳᠠᠨ᠎ᠠ ᠶᠢᠨ ᠠᠵᠢᠯ ᠢ ᠰᠦᠢᠯᠵᠡᠭᠦᠯᠳᠡᠭ ᠨᠢ ᠤᠯᠠᠮ ᠴᠦ ᠬᠠᠶᠢᠷᠠᠯᠠᠯᠳᠠᠢ ᠰᠠᠨᠠᠭᠳᠠᠵᠦ᠂ ᠪᠤᠯᠳᠠᠭ ᠪᠤᠯ ᠦᠨᠤ ᠤᠷᠤᠢ | ᠳᠠᠭᠠᠨ ᠬᠠᠷᠢᠭᠠᠳ ᠠᠯᠢ ᠰᠠᠶᠢᠬᠠᠨ ᠦᠭᠡ ᠪᠠᠨ ᠰᠤᠨᠤᠰᠬᠠᠵᠦ ᠬᠠᠯᠠᠭᠤᠨ ᠳᠤᠳᠤᠨᠤ ᠪᠠᠷ ᠡᠩᠭᠦᠷᠡᠶᠢᠯᠡᠮᠡᠷ | ᠰᠠᠨᠠᠭᠳᠠᠪᠠ᠃ | ᠤᠳᠠᠰᠤ ᠳᠤᠰᠬᠤ ᠪᠠᠷ ᠭᠠᠷᠤᠭᠰᠠᠨ ᠬᠤᠭᠤᠷᠤᠨᠳᠤ ᠡᠶᠢᠨᠬᠦ ᠪᠤᠳᠤᠯ ᠤᠷᠭᠤᠭᠤᠯᠵᠦ ᠪᠠᠶᠢᠭᠰᠠᠨ ᠢ ᠦᠷᠨᠢᠩᠭᠦᠢ | ᠮᠡᠳᠡᠴᠢᠬᠡᠬᠡᠳ ᠦᠭᠡ ᠶᠢᠨ ᠤᠳᠬ᠎ᠠ ᠨᠡᠶᠢᠯᠡᠭᠦᠯᠭᠦ ᠭᠡᠰᠡᠨ ᠶᠤᠮ ᠰᠢᠭ᠄ ︽ᠦᠭᠡᠢ᠂ ᠶᠡᠷᠦᠨᠢ ᠱᠤᠭ ᠲᠠᠢ ᠰᠢᠤ᠃ ᠮᠠᠨ ᠤ | ᠬᠦᠮᠦᠨ ᠬᠦᠳᠡᠭᠡ ᠳᠡᠭᠡᠨ ᠬᠠᠷᠢᠭᠠᠳ ᠢᠷᠡᠬᠦ ᠳᠤ ᠨᠠᠷᠠ ᠰᠠᠯᠬᠢᠨ ᠳᠤ ᠪᠤᠷᠤᠯᠠᠭᠰᠠᠨ ᠴᠢᠷᠠᠢ ᠠᠴᠠ ᠨᠢ ᠵᠢᠩᠬᠢᠨᠢ | ᠠᠮᠢᠳᠤ ᠶᠢᠨ ᠭᠡᠷᠡᠯ ᠰᠠᠴᠤᠷᠠᠵᠦ᠂ ᠪᠡᠶᠡᠨ ᠠᠴᠠ ᠨᠢ ᠨᠢᠯᠬ᠎ᠠ ᠪᠠᠭ᠎ᠠ ᠪᠠᠶᠢᠬᠤ ᠳᠠᠭᠠᠨ ᠡᠵᠢ ᠠᠴᠠ ᠪᠠᠨ ᠯᠠ ᠤᠯᠵᠦ | ᠦᠨᠦᠷᠳᠦᠳᠡᠭ ᠰᠤᠳᠤᠨ ᠰᠠᠶᠢᠬᠠᠨ ᠦᠨᠦᠷ ᠤᠨ ᠳᠡᠭᠡᠷ᠎ᠡ ᠰᠠᠭᠠᠯᠢ ᠶᠢᠨ ᠦᠨᠦᠷ᠂ ᠠᠷᠭᠠᠯ ᠤᠨ ᠤᠳᠤᠭᠠᠨ ᠤ ᠦᠨᠦᠷ᠂ | ᠢᠰᠡᠭᠡᠢ ᠭᠡᠷ ᠤᠨ ᠦᠨᠦᠷ ᠠᠯᠢ ᠠᠯᠢ ᠨᠢ ᠨᠡᠶᠢᠯᠡᠭᠰᠡᠨ ᠬᠠᠴᠢᠨ ᠰᠠᠶᠢᠬᠠᠨ ᠦᠨᠦᠷ ᠬᠠᠨᠭ᠍ᠬᠤᠯᠠᠵᠦ᠂ ᠬᠤᠳᠠ ᠳᠠᠭᠠᠨ | ᠪᠠᠶᠢᠬᠤ ᠦᠶ᠎ᠡ ᠶᠢᠨ ᠬᠢᠮᠢ ᠶᠢᠨ ᠪᠤᠳᠠᠰ ᠤᠨ ᠦᠨᠦᠷ ᠨᠢ ᠪᠦᠷ ᠳᠠᠷᠤᠭᠳᠠᠴᠢᠬᠠᠭᠠᠳ ᠳᠤᠷ᠎ᠠ ᠬᠠᠶᠢᠷ᠎ᠠ ᠶᠢ ᠳᠠᠳᠠᠳᠠᠭ | ᠶᠤᠮ᠃ ᠳᠡᠭᠡᠭᠡᠳ ᠪᠢ ᠬᠡᠵᠢᠶᠡᠳᠡ ︿ᠴᠢ ᠬᠦᠳᠡᠭᠡ ᠳᠡᠭᠡᠨ ᠶᠠᠪᠤᠭᠠᠳ ᠢᠷᠡᠭᠰᠡᠭᠡᠷ ᠬᠦᠮᠦᠨ ᠤ ᠦᠨᠦᠷ ᠲᠠᠢ | ᠪᠤᠯᠴᠢᠬᠠᠬᠤ ᠶᠤᠮ﹀ ᠭᠡᠵᠦ ᠳᠤᠮᠤᠭᠯᠠᠬᠤ ᠳᠤ ᠮᠠᠨ ᠤ ᠬᠦᠮᠦᠨ ︿ᠦᠨᠡᠷᠡᠨ ᠲᠡᠶᠢᠮᠤ ᠶᠤᠮ ᠪᠤᠯ ᠡᠷᠲᠡᠭᠡᠨ ᠬᠦᠳᠡᠭᠡ | ᠳᠡᠭᠡᠨ ᠬᠠᠷᠢᠵᠦ ᠬᠦᠮᠦᠨ ᠤ ᠪᠠᠨ ᠦᠨᠦᠷ ᠲᠠᠢ ᠪᠠᠶᠢᠶ᠎ᠠ﹀ ᠭᠡᠵᠦ ᠱᠠᠭᠠᠷᠳᠠᠭᠠᠳ ᠪᠠᠶᠢᠳᠠᠭ ᠶᠤᠮ᠃︾ ᠭᠡᠵᠦ | ᠪᠠᠭ᠋ᠠᠰᠢᠶᠠᠨ ᠶᠠᠷᠢᠨ᠎ᠠ᠃ | ︽ᠨᠠᠶᠢᠵᠠ ᠨᠢ ᠭᠡᠷ ᠢᠶᠠᠷ ᠢᠶᠠᠨ ᠬᠦᠳᠡᠭᠡ ᠳᠡᠭᠡᠨ ᠨᠡᠭᠦᠵᠦ ᠬᠠᠷᠢᠬᠤ ᠪᠠᠷ ᠰᠢᠭᠤᠳᠤᠭᠰᠠᠨ᠃ ᠤᠳᠤ ᠶᠠᠭ | ᠠᠪᠴᠠᠭ᠎ᠠ ᠦᠭᠴᠡᠭᠡ ᠪᠠᠨ ᠲᠢᠭᠯᠡᠵᠦ᠂ ᠮᠢᠨᠤ ᠲᠤᠮᠤᠵᠢᠬᠤ ᠳᠤ ᠬᠦᠴᠦ ᠡᠷᠭᠦᠭᠰᠡᠨ ᠬᠦᠮᠦᠰ ᠤᠨ ᠢᠶᠠᠨ ᠠᠴᠢ ᠳᠤᠰᠠ | ᠶᠢ ᠬᠠᠷᠢᠭᠤᠯᠬᠤ ᠠᠵᠢᠯ ᠤᠳ ᠢ ᠵᠤᠬᠢᠴᠠᠭᠤᠯᠵᠦ ᠪᠠᠶᠢᠨ᠎ᠠ᠃ ᠳᠠᠷᠠᠭ᠎ᠠ ᠨᠢ ᠺᠤᠮᠫᠠᠨᠢ ᠪᠤᠯᠤᠨ ᠬᠦᠷᠦᠩᠭᠡ ᠪᠠᠨ ᠦᠨ᠎ᠡ | ᠬᠠᠶᠠᠨ ᠬᠤᠳᠠᠯᠳᠤᠵᠦ᠂ ᠤᠯᠠᠩᠭᠢ ᠶᠢ ᠨᠢ ︿ᠨᠤᠶᠠᠨ ᠮᠤᠩᠭᠤᠯ ᠰᠠᠭᠤᠷᠢ ᠮᠦᠡᠭᠭᠦᠨ ᠤ ᠰᠠᠩ﹀ ᠳᠤ ᠬᠠᠨᠳᠢᠪᠯᠠᠨ᠎ᠠ᠃ | ᠵᠠ᠂ ᠳᠡᠭᠡᠭᠡᠳ ᠦᠯᠡᠳᠡᠭᠰᠡᠨ ᠢᠶᠠᠷ ᠨᠢ ᠬᠦᠳᠡᠭᠡ ᠳᠡᠭᠡᠨ ᠭᠡᠷ ᠲᠡᠷᠭᠡ ᠪᠠᠨ ᠳᠦᠪᠬᠢᠨᠡᠭᠦᠯᠦᠨᠡ ᠳ᠋ᠠ︾ ᠭᠡᠳ ᠪᠠᠭ᠎ᠠ | ᠶᠢᠨ ᠦᠶ᠎ᠡ ᠶᠢᠨ ᠢᠶᠠᠨ ᠢᠨᠢᠶᠡᠳᠡᠭ ᠮᠠᠶ᠋ᠢᠭ ᠢᠶᠠᠷ ᠬᠠᠭ᠋ᠠᠯᠠᠵᠦ ᠭᠠᠷᠪᠠ᠃ | ︽ᠳᠤᠮᠤ ᠪᠠᠶᠠᠨ ᠬᠦᠮᠦᠨ ᠬᠦᠳᠡᠭᠡ ᠳᠡᠭᠡᠨ ᠨᠤᠳᠤᠭᠯᠠᠪᠠᠯ ᠯᠠᠪᠳᠠᠢ ᠯᠤᠳᠤ ᠲᠠᠩᠰᠤᠭ ᠤᠷᠳᠤᠨ ᠴᠤᠭᠴᠠᠯᠠᠨ᠎ᠠ | ᠪᠢᠵᠠ ᠳ᠋ᠠ︖︾ ᠭᠡᠪᠡᠯ ᠦᠷᠨᠢᠩᠭᠦᠢ ᠭᠠᠷ ᠰᠠᠵᠢᠬᠤ ᠳᠤᠯᠤᠭᠠᠢ ᠰᠡᠭᠰᠡᠷᠡᠬᠦ ᠶᠢ ᠵᠡᠷᠭᠡ ᠦᠵᠡᠭᠦᠯᠵᠦ᠄ ︽ᠦᠭᠡᠢ᠂ | ᠦᠭᠡᠢ᠃ ᠪᠢ ᠬᠡᠳᠦᠷᠬᠡᠢ ᠲᠠᠩᠰᠤᠭᠯᠠᠪᠠᠯ ᠲᠠ ᠨᠠᠷ ᠠᠴᠠ ᠮᠦᠨ ᠯᠠ ᠬᠤᠯᠠᠳᠠᠴᠢᠬᠠᠨᠠ᠃ ᠪᠢᠳᠡ ᠬᠤᠶᠠᠷ ᠳᠦᠰᠦᠪ | ᠢᠶᠠᠨ ᠪᠦᠷ ᠳᠤᠭᠳᠠᠭᠠᠴᠢᠬᠠᠭᠰᠠᠨ᠃ ᠰᠠᠭᠤᠷᠢᠨ ᠳᠠᠭᠠᠨ ᠬᠡᠳᠦᠨ ᠳᠠᠰᠤᠯᠭ᠎ᠠ ᠭᠡᠷ ᠪᠠᠷᠢᠨ᠎ᠠ᠂ ᠵᠤᠰᠠᠯᠠᠩ ᠤᠳᠤᠷ ᠭᠠᠷᠬᠤ | ᠳᠤ ᠬᠡᠷᠡᠭᠯᠡᠬᠦ ᠬᠤᠶᠠᠷ ᠮᠤᠩᠭᠤᠯ ᠭᠡᠷ ᠪᠡᠯᠡᠳᠭᠡᠨ᠎ᠡ᠃ ᠬᠡᠳᠦᠨ ᠵᠠᠭᠤᠨ ᠬᠤᠨᠢ ᠢᠮᠠᠭ᠎ᠠ᠂ ᠬᠤᠶᠠᠷ ᠠᠵᠢᠷᠭ᠎ᠠ ᠠᠳᠤᠭᠤ᠂ | ᠬᠤᠷᠢᠭᠠᠳ ᠦᠨᠢᠶ᠎ᠡ ᠳᠤᠭᠤᠯᠯᠠᠬᠤ ᠪᠠᠷ ᠦᠬᠡᠷ ᠤᠨ ᠰᠦᠷᠦᠭ ᠲᠠᠢ ᠪᠤᠯ ᠪᠤᠯᠴᠢᠬᠠᠬᠤ ᠨᠢ ᠲᠡᠷᠡ᠃ ᠤ᠂ ᠪᠠᠰᠠ | ᠬᠡᠳᠦᠨ ᠲᠡᠮᠡᠭᠡ ᠠᠪᠤᠨ᠎ᠠ᠃ ᠳᠡᠭᠡᠭᠡᠳ ᠯᠠ ᠲᠠ ᠨᠠᠷ ᠲᠠᠢ ᠪᠠᠨ ᠠᠶᠢᠯ ᠰᠠᠬᠠᠭᠠᠯᠳᠠ᠂ ᠠᠮᠠᠷᠬᠠᠨ ᠪᠠᠶᠠᠷᠯᠠᠵᠦ | ᠳᠦᠭᠦᠮᠬᠡᠨ ᠵᠢᠷᠭᠠᠨ᠎ᠠ ᠳ᠋ᠠ᠃︾ | ︽ᠠᠮᠠᠷᠬᠠᠨ ᠪᠠᠶᠠᠷᠯᠠᠵᠦ ᠳᠦᠭᠦᠮᠬᠡᠨ ᠵᠢᠷᠭᠠᠨ᠎ᠠ︾ ᠪᠢ ᠲᠡᠭᠦᠨ ᠤ ᠦᠭᠡ ᠶᠢ ᠰᠢᠪᠡᠨᠡᠨ ᠳᠠᠪᠳᠠᠵᠦ᠂ ᠨᠠᠶᠢᠵᠢ | ᠶᠢᠨ ᠮᠢᠨᠢ ᠳᠦᠰᠦᠪ ᠭᠡᠳᠡᠭ ᠨᠢ ᠶᠠᠭ ᠯᠠ ᠤᠳᠤ ᠶᠢᠨ ᠮᠢᠨᠤ ᠠᠮᠢᠳᠤᠷᠠᠯ ᠲᠠᠢ ᠡᠭᠡᠭᠡ ᠠᠳᠠᠯᠢᠬᠠᠨ ᠪᠢᠰᠢᠤ︖ ᠵᠠ᠂ | ᠵᠠ᠂ ᠨᠠᠶᠢᠵᠢ ᠶᠢᠨ ᠢᠶᠠᠨ ᠵᠤᠯ ᠵᠢᠷᠭᠠᠯ ᠤᠨ ᠡᠷᠢᠯ ᠢᠶᠠᠷ ᠮᠠᠨ ᠤ ᠪᠠᠨ ᠳᠤᠮᠳᠠ ᠪᠤᠴᠠᠵᠦ ᠬᠠᠷᠢᠬᠤ ᠪᠠᠷ ᠪᠤᠯᠤᠭᠰᠠᠨ | ᠨᠢ ᠰᠠᠶᠢᠨ ᠪᠤᠯᠤᠯ᠎ᠠ᠃ ᠪᠢᠳᠡ ᠴᠢᠨᠢ ᠵᠢᠷᠭᠠᠯ ᠲᠠᠢ ᠬᠠᠮᠳᠤ ᠪᠠᠶᠢᠵᠦ ᠪᠠᠶᠢᠭᠠᠳ ᠤᠪᠠᠶᠢᠯᠠᠭᠰᠠᠨ ᠴᠦ ᠦᠭᠡᠢ᠂ ᠴᠤᠬᠤᠮ | ᠴᠦ ᠨᠢᠭᠡ ︽ᠠᠶᠠᠭᠠᠨ ᠳᠠᠬᠢ ᠪᠠᠨ ᠢᠳᠡᠵᠦ ᠪᠠᠶᠢᠭᠠᠳ ᠲᠤᠭᠤᠭᠠᠨ ᠳᠠᠬᠢ ᠶᠢ ᠦᠡᠭᠭᠡᠶᠢᠭᠰᠡᠨ︾ ᠶᠠᠪᠤᠳᠠᠯ ᠪᠤᠯᠤᠯ᠎ᠠ᠃ | ᠵᠢᠷᠭᠠᠯ ᠭᠡᠳᠡᠭ ᠴᠢᠨᠢ ᠮᠡᠳᠡᠷᠡᠮᠵᠢ ᠪᠠᠷ ᠢᠷᠡᠳᠡᠭ ᠶᠠᠭᠤᠮ᠎ᠠ ᠴᠦ ᠶᠤᠮ ᠤᠤ︖ ᠶᠠᠭᠤ ᠴᠦ ᠭᠡᠰᠡᠨ ᠮᠠᠷᠭᠠᠰᠢ | ᠪᠤᠴᠠᠯᠭᠠᠨ ᠳᠠᠭᠠᠨ ᠬᠤᠰᠢᠭᠤᠨ ᠳᠦᠪ ᠲᠤ ᠪᠠᠶᠢᠭ᠎ᠠ ᠭᠠᠨᠳᠢᠭ ᠰᠡᠷᠮᠡᠭᠦᠨ ᠰᠢᠭ ᠬᠤᠳᠠ ᠤᠷᠤᠭᠰᠠᠨ ᠨᠠᠶᠢᠵᠢ ᠨᠠᠷ | ᠲᠠᠭᠠᠨ ᠦᠷᠨᠢᠩᠭᠦᠢ ᠶᠢᠨ ᠳᠦᠰᠦᠪ ᠢ ᠬᠡᠯᠡᠵᠦ ᠦᠭᠭᠦᠨ᠎ᠡ᠃ | ︽ᠰᠦᠷᠦᠭ ᠢᠶᠠᠷ ᠬᠤᠳᠠᠯᠳᠤᠬᠤ ᠦᠬᠡᠷ᠂ ᠠᠵᠢᠷᠭ᠎ᠠ ᠪᠠᠷ ᠬᠤᠳᠠᠯᠳᠤᠬᠤ ᠠᠳᠤᠭᠤ ᠰᠤᠷᠠᠭᠯᠠᠵᠦ ᠪᠠᠶᠢᠭᠠᠷᠠᠢ︕ | ᠨᠠᠶᠢᠵᠢ ᠶᠢᠨ ᠬᠢᠨᠢ ᠲᠦᠯᠦᠪᠯᠯᠡᠭᠡ ᠪᠠᠷᠢᠨ ᠡᠬᠢᠯᠡᠨ᠎ᠡ᠃ ᠨᠠᠶᠢᠵᠢ ᠨᠢ ᠨᠤᠳᠤᠭ ᠲᠠᠭᠠᠨ ᠨᠡᠭᠦᠵᠦ ᠬᠠᠷᠢᠨ᠎ᠠ ᠭᠡᠵᠦ | ᠪᠤᠳᠤᠬᠤ ᠪᠠᠷ ᠬᠡᠶᠢᠷᠬᠡᠬᠡᠳ ᠪᠠᠶᠢᠨ᠎ᠠ︾ ᠭᠡᠵᠦ ᠬᠡᠯᠡᠭᠡᠳ ᠨᠡᠳᠠᠳᠤ ᠡᠭᠦᠳᠡ ᠨᠡᠭᠡᠭᠡᠵᠦ ᠦᠭᠭᠦᠯ᠎ᠡ᠃ | ᠴᠢ ᠮᠢᠨᠢ ᠨᠠᠮᠠᠢᠢ ᠪᠠᠨ ᠭᠠᠭᠴᠠ ᠴᠦ ᠬᠤᠨᠤᠭ᠎ᠠ ᠦᠭᠡᠢ ᠪᠠᠷ ᠬᠦᠳᠡᠭᠡ ᠳᠡᠭᠡᠨ ᠪᠤᠴᠠᠬᠤ ᠪᠠᠷ ᠶᠠᠭᠠᠷᠠᠵᠦ | ᠬᠡᠶᠢᠷᠬᠡᠬᠦ ᠪᠤᠯᠭᠠᠴᠢᠬᠠᠯᠠ ᠰᠢᠳᠠ ᠭᠡᠵᠦ ᠪᠤᠳᠤᠭᠰᠠᠨ ᠪᠢ ᠨᠠᠶᠢᠵᠢ ᠶᠢ ᠪᠠᠨ ᠲᠡᠪᠡᠷᠢᠭᠡᠳ ᠦᠨᠤᠰᠦᠮᠡᠷ ᠰᠠᠨᠠᠭᠳᠠᠯ᠎ᠠ᠃ |