ᠮᠤᠩᠭᠤᠯ ᠤᠨ ᠵᠢᠪᠬᠤᠭ᠎ᠠ
ᠨᠡᠶᠢᠲᠡᠯᠡᠭᠰᠡᠨ ᠴᠠᠭ᠄
2020/3/16
     ᠮᠤᠩᠭᠤᠯ ᠤᠨ ᠵᠢᠪᠬᠤᠭ᠎ᠠ ᠮᠤᠩᠭᠤᠯ ᠲᠠᠭᠤᠨ ᠤ ᠮᠢᠨᠢ        ᠤᠶᠠᠩᠭ᠎ᠠ ᠲᠦᠷᠢᠯᠭᠡ ᠶᠢᠨ ᠢᠯᠭᠤᠮ ᠤᠷᠳᠤ ᠠᠶᠠᠯᠭᠤ ᠳᠤ ᠨᠢ ᠪᠤᠢ        ᠮᠤᠩᠭᠤᠯ ᠤᠨ ᠵᠢᠪᠬᠤᠭ᠎ᠠ ᠮᠤᠩᠭᠤᠯ ᠦᠰᠦᠭ ᠤᠨ ᠮᠢᠨᠢ        ᠤᠶᠤᠨ ᠪᠢᠯᠢᠭ ᠤᠨ ᠬᠠᠳᠠᠨ ᠪᠤᠰᠤᠭ᠎ᠠ ᠬᠡᠶᠢᠮᠤᠷᠢ ᠳᠤ ᠨᠢ ᠪᠤᠢ                ᠮᠤᠩᠭᠤᠯ ᠤᠨ ᠵᠢᠪᠬᠤᠭ᠎ᠠ ᠠᠭᠤᠳᠠᠮ ᠲᠠᠯ᠎ᠠ ᠶᠢᠨ ᠮᠢᠨᠢ        ᠨᠤᠭᠤᠭᠠᠨ ᠰᠠᠯᠬᠢᠨ ᠤ ᠠᠷᠢᠭᠤᠨ ᠮᠦᠰᠢᠶᠡᠯ ᠳᠤ ᠪᠤᠢ        ᠮᠤᠩᠭᠤᠯ ᠤᠨ ᠵᠢᠪᠬᠤᠭ᠎ᠠ ᠮᠤᠩᠭᠤᠯ ᠠᠭᠤᠯᠠᠨ ᠤ ᠮᠢᠨᠢ        ᠨᠤᠮᠤᠬᠠᠨ ᠠᠷᠠᠨᠰᠢᠨ ᠤ ᠲᠤᠳᠤᠷ ᠲᠠᠮᠢᠷ ᠲᠤ ᠨᠢ ᠪᠤᠢ          ᠮᠤᠩᠭᠤᠯ ᠤᠨ ᠵᠢᠪᠬᠤᠭ᠎ᠠ ᠮᠤᠩᠭᠤᠯ ᠮᠤᠷᠢᠨ ᠤ ᠮᠢᠨᠢ        ᠨᠤᠳᠤᠭ ᠢᠶᠠᠨ ᠬᠠᠶᠢᠷᠠᠯᠠᠬᠤ ᠭᠤᠸ᠎ᠠ ᠬᠠᠷᠠᠴᠠᠨ ᠳᠤ ᠨᠢ ᠪᠤᠢ        ᠮᠤᠩᠭᠤᠯ ᠤᠨ ᠵᠢᠪᠬᠤᠭ᠎ᠠ ᠮᠤᠩᠭᠤᠯ ᠰᠢᠪᠠᠭᠤᠨ ᠤ ᠮᠢᠨᠢ        ᠵᠡᠭᠦᠳᠦᠨ ᠢᠶᠠᠨ ᠡᠭᠡᠰᠢᠭᠯᠡᠬᠦ ᠦᠨᠡᠨ ᠵᠢᠷᠭᠢᠶᠡᠨ ᠳᠤ ᠨᠢ ᠪᠤᠢ          ᠮᠤᠩᠭᠤᠯ ᠤᠨ ᠵᠢᠪᠬᠤᠭ᠎ᠠ ᠮᠦᠷᠦᠭᠡᠳᠦᠯ ᠳᠤ ᠪᠠᠨ ᠦᠪᠯᠡᠬᠦ        ᠲᠡᠭᠡᠳᠦᠰ ᠤᠨ ᠮᠦᠷ ᠤᠨ ᠴᠡᠩᠭᠡᠷ ᠭᠡᠷᠡᠯ ᠳᠤ ᠨᠢ ᠪᠤᠢ        ᠮᠤᠩᠭᠤᠯ ᠤᠨ ᠵᠢᠪᠬᠤᠭ᠎ᠠ ᠨᠠᠷᠠᠨ ᠳᠤ ᠪᠠᠨ ᠨᠠᠶᠢᠷᠠᠭᠰᠠᠨ        ᠲᠡᠭᠷᠢᠯᠢᠭ ᠴᠢᠰᠤᠨ ᠤ ᠭᠦᠨ ᠡᠴᠢᠨ᠎ᠡ ᠤᠷᠤᠰᠬᠠᠯ ᠳᠤ ᠨᠢ ᠪᠤᠢ          ᠮᠤᠩᠭᠤᠯ ᠤᠨ ᠵᠢᠪᠬᠤᠭ᠎ᠠ ᠬᠠᠪᠢᠷᠭᠠᠨ ᠰᠠᠷᠠᠨ ᠢ ᠬᠦᠭᠵᠢᠭᠡᠭᠰᠡᠨ        ᠬᠠᠯᠠᠭᠤᠨ ᠪᠠᠭᠤᠴᠠ ᠶᠢᠨ ᠲᠤᠩᠭᠠᠯᠠᠭ ᠭᠡᠭᠡᠪᠴᠢ ᠳᠤ ᠨᠢ ᠪᠤᠢ        ᠮᠤᠩᠭᠤᠯ ᠤᠨ ᠵᠢᠪᠬᠤᠭ᠎ᠠ ᠮᠤᠷᠤᠢ ᠵᠠᠮ ᠢ ᠠᠮᠢᠯᠠᠭᠤᠯᠤᠭᠰᠠᠨ        ᠬᠠᠨ ᠰᠡᠳᠭᠢᠯ ᠤᠨ ᠠᠭᠤᠳᠠᠮ ᠢᠷᠠᠭᠤ ᠬᠠᠳᠠᠪᠴᠢ ᠳᠤ ᠨᠢ ᠪᠤᠢ            ᠮᠤᠩᠭᠤᠯ ᠤᠨ ᠵᠢᠪᠬᠤᠭ᠎ᠠ ᠴᠡᠯᠮᠡᠭ ᠭᠤᠤᠯ ᠢ ᠠᠮᠢᠯᠠᠭᠤᠯᠤᠭᠰᠠᠨ        ᠰᠠᠷᠠᠭᠤᠯ ᠰᠡᠳᠭᠢᠯ ᠤᠨ ᠪᠦᠯᠢᠶᠠᠨ ᠠᠮᠢᠰᠬᠤᠯ ᠳᠤ ᠨᠢ ᠪᠤᠢ        ᠮᠤᠩᠭᠤᠯ ᠤᠨ ᠵᠢᠪᠬᠤᠭ᠎ᠠ ᠴᠡᠴᠡᠨ ᠤᠬᠠᠭᠠᠨ ᠢ ᠢᠪᠢᠯᠭᠡᠭᠰᠡᠨ        ᠰᠠᠶᠢᠬᠠᠨ ᠪᠦᠰᠡᠭᠦᠢ ᠶᠢᠨ ᠬᠠᠯᠭᠤᠨ ᠰᠦ ᠳᠤ ᠨᠢ ᠪᠤᠢ᠃
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号