ᠠᠮᠢᠳᠤᠷᠠᠯ ᠤᠨ ᠠᠮᠳᠠ
ᠨᠡᠶᠢᠲᠡᠯᠡᠭᠰᠡᠨ ᠴᠠᠭ᠄
2020/4/23
     ᠦᠪᠤᠷ ᠮᠤᠩᠭᠤᠯ᠂ ᠬᠢᠩᠭᠠᠨ᠂ ᠨᠠᠷᠡᠨᠮᠠᠨᠳᠤᠯ᠎ᠠ      ᠬᠤᠶᠠᠷ ᠨᠢᠳᠦ ᠪᠠᠨ ᠠᠨᠢᠵᠦ ᠬᠤᠷᠸ᠎ᠠ ᠠᠴᠠ ᠰᠠᠯᠬᠤ ᠶᠢᠨ ᠴᠠᠭ        ᠬᠤᠪᠳᠤᠯ ᠵᠢᠷᠦᠬᠡ ᠨᠢ ᠵᠤᠬᠰᠤᠵᠦ ᠤᠬᠢᠯᠠᠵᠦ ᠵᠤᠪᠠᠭᠠᠬᠤ ᠮᠦᠴᠡ        ᠬᠠᠶᠠ ᠬᠠᠶᠠ ᠬᠦᠮᠦᠨ ᠤ ᠲᠤᠮᠳᠠ ᠲᠤᠷᠠᠰᠤᠬᠳᠠᠵᠦ ᠬᠤᠴᠤᠷᠬᠤ        ᠡᠨᠡ ᠬᠤᠷᠸ᠎ᠠ ᠶᠢᠨ ᠵᠢᠮ᠎ᠠ ᠠᠮᠢᠳᠤᠷᠠᠯ ᠬᠡᠵᠦ ᠡᠶᠢᠮᠦ ᠯᠡ ᠪᠠᠶᠢᠳᠠᠭ              ᠤᠯᠵᠦ ᠠᠯᠳᠠᠬᠤ ᠶᠢᠨ ᠲᠡᠩᠨᠡᠬᠦᠷ ᠢᠶᠠᠷ ᠬᠡᠮᠵᠢᠵᠦ ᠦᠵᠡᠳᠡᠭ        ᠠᠯᠬᠤᠵᠦ ᠶᠠᠪᠤᠬᠰᠠᠨ ᠮᠦᠷ ᠢᠶᠠᠨ ᠰᠢᠨᠵᠢᠵᠦ ᠱᠠᠭᠠᠶᠢᠳᠠᠭ        ᠠᠨᠳᠠᠭᠤ ᠪᠤᠷᠤᠭᠤ ᠲᠠᠢ ᠦᠢᠯᠡ ᠪᠠᠨ ᠲᠤᠩᠭᠠᠵᠦ ᠰᠢᠬᠦᠳᠡᠭ        ᠠᠨᠳᠠ ᠨᠠᠶᠢᠵᠠ ᠬᠡᠳᠦ ᠪᠠᠨ ᠪᠤᠳᠤᠵᠦ ᠤᠶᠠᠷᠠᠳᠠᠭ        ᠠᠶ᠎ᠠ ᠡᠨᠡ ᠲᠠᠯᠠᠬᠡᠢ ᠳᠤ ᠠᠮᠢᠳᠤᠷᠠᠯ ᠢᠪᠴᠤᠬᠠᠨ          ᠭ᠊‍ᠦ᠋ᠰᠡᠯ ᠢᠶᠠᠨ ᠲᠠᠯᠪᠢᠬᠰᠠᠨ ᠬᠦᠦ ᠮᠢᠨᠢ ᠬᠡᠵᠦ  ᠤᠬᠢᠯᠠᠵᠦ ᠵᠤᠪᠠᠳᠠᠭ        ᠬᠦᠮᠦᠨ ᠪᠤᠯᠬᠤ ᠠᠶᠠᠨ ᠳᠤ ᠨᠢ ᠵᠢᠷᠦᠬᠡ ᠰᠢᠮᠰᠢᠷᠡᠳᠡᠭ        ᠤᠯᠤᠬᠰᠠᠨ ᠵᠢᠭᠠᠬᠠᠨ ᠵᠦᠢᠯ ᠳᠤ ᠨᠢ ᠤᠯᠵᠠᠭᠤᠷᠬᠠᠵᠦ ᠨᠢᠬᠡ ᠪᠠᠶᠠᠰᠳᠠᠭ        ᠤᠪᠤᠭ᠎ᠠ ᠲᠠᠪᠰᠢᠯᠳᠠ ᠬᠡᠵᠦ ᠤᠪᠤᠭ ᠢᠶᠠᠨ ᠮᠠᠷᠳᠠᠮᠠᠷ ᠪᠤᠯᠳᠠᠭ        ᠠᠮᠢᠳᠤᠷᠠᠯ ᠤᠨ ᠠᠮᠳᠠ ᠭᠠᠰᠢᠭᠤᠨ ᠪᠠᠶᠢᠳᠠᠭ ᠡ︕  
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号