ᠨᠤᠳᠤᠭ ᠤᠨ ᠦᠷᠯᠦᠭᠡ
ᠨᠡᠶᠢᠲᠡᠯᠡᠭᠰᠡᠨ ᠴᠠᠭ᠄
2020/4/7
     — ᠪ᠊᠂ ᠪᠢᠯᠢᠭ          ᠨᠤᠳᠤᠭ ᠤᠨ ᠮᠠᠨᠢ ᠲᠤᠷᠭᠠᠨ ᠰᠣᠷᠮᠣᠣᠰᠣ ᠶᠢ ᠮᠢᠯᠢᠶᠡᠭ᠌ᠰᠠᠨ          ᠨᠤᠶᠠᠨ ᠡᠶ᠎ᠡ ᠲᠡᠯᠭᠡᠷᠡᠭᠰᠡᠨ ᠦᠭᠡᠳᠡᠩ ᠦᠷᠯᠦᠭᠡ          ᠨᠣᠮ ᠤᠨ ᠬᠦᠷᠳᠦᠨ ᠨᠠᠷᠨ ᠲᠠᠢ ᠪᠠᠨ ᠭᠡᠷᠡᠯ ᠰᠦᠯᠡᠨ ᠮᠠᠨᠳᠣᠬᠤᠢ                    ᠲᠤᠯᠤᠭᠠᠳ ᠢᠶᠠᠨ ᠢᠯᠪᠢᠩᠬᠡᠨ ᠬᠢᠵᠠᠭᠠᠷ ᠦᠬᠡᠢ ᠲᠤᠨᠤᠯᠵᠠᠬᠤ          ᠲᠠᠯ᠎ᠠ ᠨᠢ ᠲᠠᠩᠰᠤᠭ ᠢᠶᠠᠷ ᠢᠶᠠᠨ ᠲᠠᠩᠳᠠ ᠬᠦᠭᠡᠮᠳᠦᠭ           ᠲᠠᠬᠢ ᠶᠢᠨ ᠱᠤᠤᠬᠢᠶᠠᠨ ᠰᠢᠯᠢ ᠪᠠᠨ ᠡᠷᠭᠦᠨ ᠤᠶᠠᠩᠭᠠᠷᠠᠭᠰᠠᠭᠠᠷ          ᠳᠠᠭᠠᠳᠬᠠᠯ ᠳᠤ ᠵᠠᠯᠭᠠᠳᠠᠭ ᠡᠷᠲᠡᠨ ᠤ ᠬᠡᠭᠡᠷ᠎ᠡ ᠬᠦᠭᠵᠢᠮᠯᠢᠭ          ᠠᠮᠠᠷᠠᠭ ᠠᠨᠢᠰᠬ᠎ᠠ ᠪᠠᠨ ᠬᠠᠶᠢᠷ᠎ᠠ ᠪᠠᠷ ᠰᠡᠬᠦᠳᠡᠭ          ᠠᠩᠭᠠᠬᠠᠢ ᠳᠠᠭᠠᠨ ᠶᠠᠭᠠᠷᠠᠭᠰᠠᠨ ᠶᠠᠭᠠᠨ ᠰᠢᠪᠠᠭᠤᠳ          ᠠᠮᠤᠭᠤᠯᠠᠩ ᠲᠠᠯᠠᠪᠴᠢᠨ ᠳᠠᠭᠠᠨ ᠬᠠᠯᠢᠨ ᠲᠡᠬᠦᠯᠢᠬᠦ ᠡᠷᠭᠢᠮᠰᠦᠭ          ᠠᠯᠠᠭ ᠤᠰᠤᠨ ᠰᠢᠭᠦᠳᠡᠷᠢ ᠶᠢᠨ ᠠᠯᠢᠶ᠎ᠠ ᠲᠤᠷᠭᠠᠨ ᠰᠠᠴᠤᠷᠠᠭ ᠲᠤ          ᠠᠪᠤ ᠶᠢᠨ ᠲᠠᠯ᠎ᠠ ᠠᠰᠢᠳᠠ ᠰᠢᠷᠣᠩᠬᠠᠢ ᠨᠠᠷᠠ ᠲᠠᠢ ᠪᠠᠨ ᠬᠡᠬᠡᠮᠰᠦᠭ                    ᠵᠠᠶᠠᠭᠠᠨ ᠤ ᠮᠢᠨᠢ ᠦᠨᠳᠦᠷ ᠤᠶᠠᠭ᠎ᠠ ᠶᠢ ᠡᠷᠬᠢᠭᠰᠡᠨ          ᠵᠠᠬ᠎ᠠ ᠶᠢᠨ ᠡᠬᠦᠳᠡ ᠲᠠᠶᠢᠪᠤᠩ ᠨᠡᠬᠡᠭᠡᠭᠳᠡᠭᠰᠡᠨ ᠦᠷᠯᠦᠭᠡ          ᠵᠠᠭ ᠤᠨ ᠰᠡᠪᠢᠯᠵᠡᠭᠡᠨ ᠳᠤ ᠳᠡᠯ ᠬᠡᠶᠢᠰᠭᠡᠨ‌ᠠᠳᠤᠭᠤᠳ ᠦᠦᠷᠰᠡᠬᠦᠢ                    ᠰᠡᠳᠬᠢᠯ ᠤᠨ ᠭᠡᠭᠡᠪᠴᠢ ᠦᠵᠦᠬᠦᠷ ᠦᠭᠡᠢ ᠴᠢᠯᠦᠭᠡᠵᠢᠬᠦ          ᠰᠦᠨᠢ ᠶᠢᠨ ᠮᠡᠴᠢᠳ ᠰᠢᠯᠦᠭ ᠳᠤ ᠮᠢᠨᠢ ᠰᠢᠩᠭᠡᠭᠡᠬᠦᠢ        ᠰᠢᠨᠡᠬᠡᠨ ᠤᠨᠠᠭᠰᠠᠨ ᠰᠢᠭᠦᠳᠡᠷᠢ ᠪᠠᠷ ᠨᠠᠪᠴᠢᠰ ᠤᠨ ᠮᠡᠯᠮᠡᠢ ᠬᠢᠯᠠᠯᠵᠠᠨᠠᠮ          ᠰᠠᠯᠬᠢᠨ ᠤ ᠬᠦᠭᠡᠷᠦᠬᠦᠨ ᠨᠤᠭᠤᠭᠠᠨ ᠰᠠᠨᠠᠭᠠᠨ ᠳᠤ ᠭᠠᠩᠬᠤᠵᠤ          ᠰᠦᠷᠦᠭ ᠤᠨ ᠠᠨᠢᠷ ᠠᠭᠤᠯᠠᠰ ᠦᠨᠳᠡᠯᠵᠡᠬᠦᠯᠦᠨ ᠪᠤᠰᠬᠠᠬᠤᠢ          ᠰᠦᠷᠦᠭᠴᠢᠨ ᠤ ᠬᠠᠷᠠᠭ᠎ᠠ ᠭᠡᠶᠢᠭᠦᠵᠦ ᠡᠭᠦᠯᠡᠰ ᠥᠰᠭᠡᠨ ᠲᠠᠯᠪᠢᠭᠤᠷᠠᠨᠠᠮ          ᠰᠢᠪᠠᠭᠤᠳ ᠤᠨ ᠵᠢᠷᠬᠢᠭᠡᠨ ᠢᠶᠠᠷ ᠵᠡᠷᠭᠡᠯᠭᠡᠨ ᠡᠳᠦᠷ ᠤᠪᠤᠯᠵᠠᠵᠤ          ᠰᠦ ᠲᠠᠢ ᠴᠠᠶᠢᠨ ᠠᠴᠠ ᠤᠷᠭᠤᠭᠰᠠᠨ ᠣᠩᠭᠤᠳ ᠤᠨ ᠲᠤᠭᠤᠷᠢᠭ ᠲᠤ          ᠰᠦᠰᠦᠭ ᠤᠨ ᠬᠦᠳᠡᠭᠡ ᠮᠠᠨᠢ ᠨᠠᠷᠠ ᠲᠠᠢ ᠲᠡᠯᠡᠬᠡᠢ ᠪᠠᠷ ᠢᠶᠠᠨ ᠵᠢᠷᠭᠠᠨᠠᠮ
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号