ᠬᠦᠰᠡᠯᠳᠦ ᠰᠠᠶᠢᠬᠠᠨ ᠬᠡᠦᠬᠡᠳ ᠦᠶ᠎ᠡ
ᠨᠡᠶᠢᠲᠡᠯᠡᠭᠰᠡᠨ ᠴᠠᠭ᠄
2020/5/15
     ᠵᠤᠬᠢᠶᠠᠬᠴᠢ᠄ ᠰ᠊᠂ ᠬᠤᠷᠴᠢᠨᠬᠦᠤ                ᠠᠯᠠᠭ ᠬᠤᠷᠸ᠎ᠠ ᠶᠢᠨ ᠠᠭᠤᠳᠠᠮᠬᠠᠨ ᠤᠷᠤᠨ ᠵᠠᠢ ᠳᠤ ᠠᠪᠤ ᠡᠵᠢ ᠠᠴᠠ ᠵᠠᠶᠠᠭᠠᠵᠤ᠂ ᠲᠠᠭᠤᠳᠠᠬᠤ ᠨᠠᠷ᠎ᠠ ᠲᠠᠢ᠂ ᠲᠠᠭᠤᠯᠠᠬᠤ ᠲᠠᠪᠢᠯᠠᠩ ᠲᠠᠢ ᠬᠥᠮᠤᠨ ᠤ ᠵᠡᠷᠭᠡ ᠶᠠᠪᠣᠬᠤ ᠳᠤ ᠬᠡᠤᠬᠡᠤᠨ ᠨᠠᠰᠤ ᠬᠠᠮᠤᠭ ᠤᠨ ᠴᠡᠪᠡᠷ ᠴᠠᠶᠢᠯᠭᠠᠨ᠂ ᠠᠰᠪᠣᠷ ᠪᠣᠷᠤᠬᠵᠢᠭᠤᠨ᠂ ᠠᠯᠢᠶ᠎ᠠ ᠬᠥᠬᠡᠷᠤᠬᠦᠨ᠂ ᠣᠢᠷᠯᠤᠬᠡ ᠶᠢᠨ ᠤᠯᠠᠯᠵᠠᠬᠤ ᠨᠠᠷᠨ ᠰᠢᠭ᠋ ᠦᠭᠡᠳᠡᠷᠬᠡᠭ ᠴᠠᠭ ᠣᠢᠶ᠎ᠠ ᠶᠤᠮᠰᠠᠨ᠃                  ᠠᠪᠤ ᠶᠢᠨ ᠢᠶᠠᠨ ᠠᠯᠠᠭᠠᠨ ᠲᠡᠭᠡᠷ᠎ᠡ ᠨᠢ ᠪᠥᠪᠠᠶᠢᠯᠡᠭᠳᠡᠨ᠂ ᠡᠵᠢ ᠶᠢᠨ ᠠᠷᠢᠭᠤᠨ ᠰᠦ ᠶᠢ ᠬᠦᠬᠦᠵᠤ᠂ ᠠᠬᠠᠰ ᠵᠠᠬᠠᠰ ᠤᠨ ᠢᠶᠠᠨ ᠡᠨᠠᠷᠢᠯ ᠬᠠᠶᠢᠷ᠎ᠠ ᠳᠤ ᠪᠠᠶᠠᠰᠴᠤ᠂ ᠠᠬᠠᠮᠠᠳ ᠨᠠᠰᠤᠳᠠᠳ ᠤᠨ ᠢᠶᠠᠨ ᠠᠮᠠᠨ ᠴᠠᠭᠠᠨ ᠢᠷᠤᠬᠡᠯ ᠢ ᠬᠦᠷᠳᠡᠵᠦ᠂ ᠮᠦᠯᠬᠦᠵᠤ ᠪᠠᠶᠢᠬᠰᠠᠨ ᠠᠴᠠ ᠪᠠᠨ ᠬᠥᠯ ᠳᠤ ᠣᠷᠤᠵᠤ᠂ ︽ᠠᠪᠤ ᠡ︕ ᠡᠵᠢ ᠡ︾ ᠬᠡᠵᠤ ᠠᠩᠬ᠎ᠠ ᠬᠡᠯᠨ  ᠳᠤ ᠣᠷᠤᠵᠤ᠂ ᠲᠡᠪᠡᠭ ᠭᠡᠵᠢᠭᠡ ᠪᠠᠨ ᠲᠦᠭᠦᠷᠢᠭᠯᠡᠨ ᠦᠯᠡᠳᠡᠭᠡᠵᠦ᠂ ᠲᠡᠷᠡ ᠨᠢ ᠤᠷᠢᠬᠠᠨ ᠰᠠᠯᠬᠢᠨ ᠳᠤ ᠪᠦᠷᠪᠡᠶᠢᠨ ᠪᠤᠰᠴᠤ᠂ ᠪᠣᠷᠭᠠᠰᠤᠨ ᠮᠤᠷᠢ ᠣᠨᠤᠵᠤ᠂ ᠪᠠᠷᠠᠭᠤᠨ ᠮᠠᠩᠬᠠᠨ ᠲᠡᠭᠡᠭᠦᠷ ᠲᠤᠭᠤᠰᠤ ᠲᠠᠳᠠᠭᠤᠯᠤᠨ ᠬᠥᠶᠤᠵᠤ᠂ ᠬᠤᠷᠠᠭ᠎ᠠ ᠢᠰᠢᠬᠡ ᠵᠠᠶᠢᠳᠠᠩᠨᠠᠨ ᠬᠦᠶᠦᠭᠰᠡᠨ ᠬᠡᠤᠬᠡᠤᠨ ᠨᠠᠰᠤ ᠮᠢᠨᠢ᠂ ᠠᠯᠠᠭ ᠬᠤᠷᠸ᠎ᠠ ᠳᠤ ᠲᠠᠬᠢᠵᠤ ᠡᠷᠬᠢᠵᠤ ᠢᠷᠠᠬᠦ ᠣᠢᠬᠡᠢ ᠮᠦᠷᠤᠬᠡᠳᠤᠯ ᠤᠨ ᠰᠠᠶᠢᠬᠠᠨ ᠲᠤᠷᠠᠰᠤᠮᠵᠢ ᠪᠠᠶᠢᠬᠰᠠᠨ᠂ ᠠᠢ ᠬᠥᠬᠡᠷᠤᠬᠦᠢ ᠮᠢᠨᠤ ᠣᠨᠠᠭᠠᠨ ᠨᠠᠰᠤ︕                      ᠪᠠᠭ᠎ᠠ ᠨᠠᠰᠤᠨ ᠳᠠᠭᠠᠨ ᠠᠪᠤ ᠶᠢᠨ ᠵᠤᠬᠢᠶᠠᠭᠰᠠᠨ ᠬᠠᠩᠭᠠᠢ ᠲᠡᠷᠭᠡᠨ ᠳᠤ ᠰᠠᠵᠢᠯᠠᠭᠳᠠᠨ ᠲᠠᠷᠢᠶᠠᠨ ᠲᠦᠷᠦᠭᠦᠤ  ᠳᠤ ᠶᠠᠪᠣᠬᠤ ᠳᠠᠭᠠᠨ ᠡᠬᠡ ᠪᠠᠶᠢᠭᠠᠯᠢ ᠶᠢᠨ ᠰᠠᠶᠢᠬᠠᠨ ᠳᠤ ᠰᠠᠳᠬᠢᠯ ᠬᠦᠭᠰᠡᠨ ᠣᠢᠠᠳᠤᠷ ᠠᠭᠤᠯᠠᠰ᠂ ᠠᠭᠤᠳᠠᠮ ᠬᠠᠩᠭᠠᠢ᠂ ᠬᠥᠪᠴᠢ ᠨᠤᠭᠤᠭᠠᠨ ᠰᠢᠭᠤᠢ᠂ ᠴᠡᠴᠡᠭᠳᠤ ᠲᠠᠯ᠎ᠠ ᠶᠢ ᠰᠤᠨᠢᠷᠬᠠᠨ ᠴᠠᠪᠠᠷ ᠲᠤᠩᠭᠠᠯᠠᠭ ᠠᠭᠠᠷ ᠢ ᠨᠢ ᠠᠮᠢᠰᠬᠤᠨ ᠪᠠᠶᠠᠰᠴᠤ ᠶᠠᠪᠣᠬᠰᠠᠨ ᠠᠷᠪᠠᠨ ᠨᠠᠰᠤ ᠬᠥᠷᠤᠮᠡᠭᠴᠨ ᠠᠬ᠎ᠠ ᠶᠢᠨ ᠣᠨᠤᠬᠰᠠᠨ ᠪᠢᠷᠠᠭᠤ᠂ ᠲᠠᠭ᠎ᠠ ᠶᠢᠨ ᠠᠷᠤ  ᠳᠤ ᠰᠳᠳᠠᠯᠳᠠᠵᠤ ᠮᠤᠷᠢ ᠣᠨᠤᠬᠤ ᠮᠡᠷᠭᠡᠵᠢᠯ ᠰᠤᠷᠤᠭᠰᠠᠨ᠃                      ᠤᠨᠠᠭᠠᠨ ᠪᠠᠭ᠎ᠠ ᠶᠢᠨ ᠡᠷᠬᠢᠴᠡᠬᠦᠯᠦᠯ᠂ ᠦᠷᠦ ᠵᠢᠷᠦᠭᠡᠨ ᠳᠤ ᠮᠢᠨᠢ ᠬᠠᠳᠠᠩᠰᠢᠭᠰᠠᠭᠠᠷ ᠳ᠋ᠠ᠃ ᠬᠠᠷᠠᠬᠠᠨ ᠪᠠᠭ᠎ᠠ  ᠠᠴᠠ ᠪᠠᠨ ᠠᠪᠤ ᠡᠵᠢ ᠪᠠᠨ ᠬᠠᠪᠰᠤᠷᠤᠨ ᠠᠵᠢᠯ ᠬᠥᠳᠠᠯᠮᠤᠷᠢ ᠳᠤ ᠣᠷᠤᠯᠴᠠᠵᠤ᠂ ᠪᠠᠶ᠎ᠠ ᠮᠠᠬᠠᠪᠤᠳ ᠢᠶᠠᠨ ᠪᠣᠯᠪᠠᠰᠤᠷᠠᠭᠤᠯᠵᠤ᠂ ᠨᠢᠯᠬᠠᠰᠠᠭ ᠣᠶᠤᠨ ᠳᠠᠭᠠᠨ ᠬᠥᠳᠠᠯᠮᠤᠷᠢ ᠶᠢ ᠬᠠᠶᠢᠷᠠᠯᠠᠵᠤ᠂ ᠬᠥᠴᠢᠷ ᠪᠠᠷᠬᠡᠰᠢᠶᠡᠯ ᠳᠤ ᠲᠠᠪᠴᠢᠶᠠᠷᠢ  ᠲᠠᠢ  ᠬᠠᠨᠳᠣᠵᠤ᠂ ᠠᠵᠢᠯᠰᠠᠭ ᠪᠣᠷᠤᠬᠵᠢᠭᠤᠨ ᠰᠠᠶᠢᠬᠠᠨ ᠵᠠᠩ ᠰᠤᠷᠳᠠᠯ ᠨᠢ ᠮᠢᠨᠤ ᠠᠮᠢᠳᠣᠷᠠᠯ ᠤᠨ ᠵᠠᠮ ᠤᠨ ᠠᠩᠬᠠᠨ  ᠤ ᠠᠯᠬᠤᠭ᠎ᠠ ᠪᠢᠯᠠ᠃ ᠮᠦᠨᠴᠦ ᠠᠪᠤ ᠡᠵᠢ ᠶᠢᠨ ᠢᠶᠠᠨ ᠠᠯᠳᠠᠨ ᠰᠣᠷᠭᠠᠯ ᠳᠤ ᠬᠦᠳᠦᠯᠦᠭᠳᠡᠨ᠂ ᠠᠮᠢᠳᠤᠷᠠᠯ ᠤᠨ ᠬᠠᠯᠠᠭᠤᠨ ᠬᠥᠢᠳᠠᠨ ᠢ ᠢᠯᠠᠨ ᠲᠠᠪᠠᠭ᠋ᠤ ᠰᠦᠰᠤ ᠵᠣᠷᠢᠭ᠂ ᠣᠶᠣᠨ ᠣᠬᠠᠭᠠᠨ ᠤ ᠲᠠᠯᠠᠰᠳᠣ ᠶᠢ ᠡᠨᠡ ᠪᠡᠶ᠎ᠡ ᠳᠡᠭᠡᠨ ᠰᠢᠩᠭᠡᠭᠡᠭᠰᠡᠨ ᠪᠢᠯᠨ︕                      ᠬᠡᠪᠠᠴᠤ ᠵᠠᠷᠢᠮ ᠣᠢᠶ᠎ᠠ ᠳᠤ ᠠᠯᠢᠶᠠᠷᠬᠠᠨ ᠲᠣᠭᠯᠠᠵᠤ᠂ ᠠᠶᠢᠯ ᠤᠨ ᠨᠠᠶᠢᠵᠠ ᠨᠠᠷ ᠲᠠᠢ ᠪᠠᠨ ᠬᠥᠪᠴᠢ ᠨᠤᠭᠤᠭᠠᠨ ᠣᠢ ᠳᠤ ᠬᠥᠷᠴᠤ᠂ ᠨᠢᠯᠬ᠎ᠠ ᠮᠤᠳᠤ ᠲᠠᠭᠠᠷᠢᠵᠤ ᠬᠠᠷᠢᠮᠠᠭ ᠨᠤᠮᠤ ︵ᠳ᠋ᠠᠩ ᠭᠦᠩ︶ ᠵᠤᠬᠢᠶᠠᠵᠤ᠂ ᠮᠤᠳᠤᠨ‌‍ᠲ᠋ᠠᠬᠡᠷ᠎ᠠ ᠲᠠᠶᠢᠪᠣᠩ ᠰᠠᠶᠢᠬᠠᠨ ᠣᠶᠠᠬᠠᠨ ᠲᠠᠭᠤ ᠪᠠᠷ ᠵᠢᠷᠬᠢᠵᠤ ᠪᠠᠶᠢᠭ᠎ᠠ ᠰᠢᠪᠠᠭᠤᠳ ᠢ ᠬᠠᠷᠪᠤᠵᠤ᠂ ᠠᠶᠢᠯ ᠤᠨ ᠠᠷᠤ ᠶᠢᠨ ᠬᠠᠶᠢᠯᠠᠰᠤᠨ ᠮᠤᠳᠤᠨ ᠳᠤ ᠮᠤᠳᠤᠨ ᠤ ᠣᠷᠤᠢ ᠲᠠᠬᠡᠷ᠎ᠠ ᠮᠠᠴᠤᠵᠤ᠂ ᠬᠡᠷᠢᠶ᠎ᠠ᠂ ᠱᠠᠭᠠᠵᠠᠭᠠᠢ ᠶᠢᠨ ᠡᠬᠦᠷ ᠢ ᠠᠭᠤᠳᠠᠯᠤᠨ‌ᠣᠢᠠᠳᠡᠭᠡ ᠶᠢ ᠨᠢ ᠠᠪᠳᠠᠭ ᠪᠠᠶᠢᠬᠰᠠᠨ ᠪᠢᠯᠨ᠃                    ᠨᠢᠬᠡ ᠡᠳᠤᠷ ᠪᠢ ᠭᠡᠳᠦᠨ ᠨᠠᠶᠢᠵᠠ ᠲᠠᠢ ᠪᠠᠨ ᠬᠠᠮᠳᠤ ᠪᠠᠷ ᠵᠢᠮᠢᠰ ᠤᠨ ᠬᠦᠷᠢᠶᠡᠯᠡᠩ ᠳᠤ ᠬᠥᠷᠴᠤ ᠵᠢᠮᠢᠰ ᠬᠤᠯᠠᠭᠠᠶᠢᠯᠠᠭᠰᠠ ᠳᠤ ᠵᠢᠮᠢᠰ ᠤᠨ ᠬᠦᠷᠢᠶᠡᠯᠡᠩ ᠤᠨ ᠬᠠᠷᠠᠭᠤᠯᠴᠢ ᠠᠪᠤ ᠪᠢᠳᠠᠨ ᠬᠡᠳᠤᠬᠦᠯᠨ ᠶᠢ ᠪᠠᠷᠢᠵᠤ ᠠᠪᠣᠭᠠᠤᠨ ᠠᠶᠢᠯ ᠤᠨ ᠲᠤᠮᠳᠠ ᠬᠦᠭᠡᠭᠡᠵᠦ ᠠᠪᠠᠴᠢᠭᠰᠠᠨ ᠳᠤ ᠮᠢᠨᠤ ᠠᠪᠤ ᠡᠵᠢ ᠪᠢᠳᠠᠨ ᠢ ᠬᠠᠳᠠᠭᠤ ᠰᠢᠬᠦᠮᠵᠢᠯᠠᠵᠤ᠄ ︽ᠬᠠᠷᠠᠬᠠᠨ ᠪᠠᠭ᠎ᠠ ᠠᠴᠠ ᠪᠠᠨ ᠬᠤᠯᠠᠭᠠᠢ ᠲᠡᠭᠡᠷᠡᠮ ᠬᠢᠵᠦ ᠪᠤᠯᠬᠤ ᠦᠭᠡᠢ᠂ ᠬᠤᠵᠢᠮ ᠮᠠᠭᠤ ᠨᠡᠷ᠎ᠡ ᠴᠢᠨᠢ ᠮᠠᠨᠳᠤᠨ᠎ᠠ︾ ᠬᠡᠵᠤ ᠬᠥᠨ ᠣᠳᠬ᠎ᠠ ᠲᠠᠢ ᠶᠠᠷᠢᠬᠤ ᠳᠤ ᠲᠠᠷᠨ ᠨᠢᠬᠡ ᠴᠠᠭ ᠣᠢᠶ᠎ᠠ ᠠᠴᠠ ᠠᠪᠣᠭᠠᠤᠨ ᠮᠢᠨᠤ ᠨᠢᠯᠬᠠᠰᠠᠭ ᠣᠶᠤᠨ ᠳᠤ ᠠᠪᠤ ᠡᠵᠢ  ᠶᠢᠨ ᠴᠠᠶᠢᠯᠭᠠᠨ ᠣᠬᠠᠭᠠᠨ᠂ ᠬᠥᠮᠤᠨ ᠪᠣᠯᠬᠤ ᠶᠤᠰᠤ ᠶᠢ ᠵᠢᠷᠤᠬᠡᠨ ᠳᠤ ᠮᠢᠨᠢ ᠰᠢᠩᠬᠡᠬᠡᠨ ᠥᠭᠴᠤ ︽ᠬᠥᠮᠤᠨ ᠪᠣᠯᠬᠤ ᠪᠠᠭ᠎ᠠ ᠠᠴᠠ᠂ ᠬᠥᠯᠦᠭ ᠪᠣᠯᠬᠤ ᠣᠨᠠᠭᠠᠨ ᠠᠴᠠ︾ ᠬᠡᠳᠡᠭ ᠣᠢᠨᠠᠨ ᠶᠤᠰᠤ ᠶᠢ ᠣᠢᠢᠯᠠᠭᠠᠭᠤᠯᠤᠭᠰᠠᠨ ᠨᠢ ᠣᠴᠢᠷᠳᠠᠢ ᠪᠠᠶᠢᠬᠰᠠᠨ ᠳ᠋ᠨ︕                    ᠣᠨᠠᠭᠠᠨ ᠪᠠᠭ᠎ᠠ ᠨᠠᠰᠤ ᠬᠡᠳᠡᠭ ᠣᠢᠷᠯᠤᠬᠡ ᠶᠢᠨ ᠨᠠᠷᠨ ᠰᠢᠭ᠋ ᠬᠡᠷᠠᠯ ᠬᠢᠯᠪᠠᠭ᠎ᠠ ᠲᠠᠢ᠂ ᠲᠠᠯ᠎ᠠ ᠶᠢᠨ ᠴᠡᠴᠡᠭ ᠰᠢᠭ ᠭᠤᠶᠤ ᠰᠠᠶᠢᠬᠠᠨ᠂ ᠰᠡᠷᠬᠡᠭ ᠴᠤᠪᠣᠭᠤ ᠣᠶᠤᠨ ᠪᠢᠯᠢᠭ ᠲᠠᠢ᠂ ᠠᠯᠤᠰ ᠬᠤᠯᠨ‌‍ᠶᠢᠨ ᠬᠥᠰᠠᠯ ᠤᠨ ᠪᠥᠷᠢᠯᠸ᠎ᠠ ᠶᠤᠮᠰᠠᠨ᠃ ᠲᠠᠶᠢᠮᠤ ᠠᠴᠠ ᠠᠩᠬᠢᠷ ᠤᠨ ᠵᠣᠯᠵᠠᠭ᠎ᠠ ᠰᠢᠭ᠋ ᠠᠰᠪᠣᠷ ᠵᠠᠩ ᠲᠠᠢ᠂ ᠠᠯᠢᠶ᠎ᠠ ᠴᠤᠪᠣᠭᠤᠯᠢᠭ ᠬᠡᠤᠬᠡᠤᠨ ᠮᠢᠨᠢ᠂ ᠬᠡᠤᠬᠡᠤᠨ ᠨᠠᠰᠤ ᠪᠠᠨ ᠭᠠᠮᠨᠠᠵᠤ᠂ ᠬᠠᠶᠢᠷᠠᠯᠠᠵᠤ ᠶᠠᠪᠣᠭᠠᠷᠠᠢ᠂ ᠲᠠᠷᠨ ᠴᠢᠮ᠎ᠠ ᠳᠤ ᠲᠠᠬᠢᠵᠤ ᠡᠷᠬᠢᠵᠤ ᠢᠷᠠᠬᠦ ᠣᠢᠬᠡᠢ ᠬᠤᠪᠣᠷ ᠰᠠᠶᠢᠬᠠᠨ ᠴᠠᠭ ᠣᠢᠶ᠎ᠠ ᠪᠣᠯᠬᠤ ᠶᠤᠮ᠃ ᠮᠦᠠᠴᠤ ᠲᠠᠷᠨ ᠪᠣᠯ ᠰᠤᠷᠴᠤ᠂ ᠲᠠᠰᠴᠤ᠂ ᠪᠣᠯᠪᠠᠰᠤᠷᠠᠬᠤ ᠰᠠᠶᠢᠬᠠᠨ ᠨᠠᠰᠤ᠂ ᠲᠠᠶᠢᠮᠤ ᠪᠢᠳᠠᠨ ᠤ ᠡᠪᠦᠭᠡ ᠲᠠᠬᠡᠳᠤᠰ ︽ᠪᠠᠷᠰ ᠴᠠᠭ ᠲᠤ ᠪᠣᠰᠬᠤ ᠣᠢᠬᠡᠢ ᠪᠣᠯ ᠡᠳᠤᠷ ᠤᠨ ᠠᠵᠢᠯ ᠬᠤᠴᠤᠷᠤᠨ᠎ᠠ᠂ ᠪᠠᠭ᠎ᠠ ᠴᠠᠭ ᠲᠠᠭᠠᠨ‌‍ᠰᠤᠷᠬᠤ ᠣᠢᠬᠡᠢ ᠪᠣᠯ ᠨᠠᠰᠤᠨ ᠤ ᠶᠠᠪᠣᠳᠠᠯ ᠬᠤᠴᠤᠷᠤᠨ᠎ᠠ︾ ᠬᠡᠵᠤ ᠰᠤᠷᠭᠠᠬᠰᠠᠨ ᠶᠤᠮ᠃ ᠬᠡᠤᠬᠡᠤᠨ ᠨᠠᠰᠤ ᠰᠠᠶᠢᠬᠠᠨ᠂ ᠲᠤᠷᠠᠰᠤᠮᠵᠢ ᠶᠢᠨ ᠨᠤᠭᠤᠭᠠᠨ ᠮᠦᠷᠤᠬᠡᠳᠤᠯ ᠡ︕
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号