ᠠᠯᠳᠠᠨ ᠣᠪᠣᠭ᠎ᠠ ᠮᠢᠨᠢ
ᠨᠡᠶᠢᠲᠡᠯᠡᠭᠰᠡᠨ ᠴᠠᠭ᠄
2020/5/21
     ᠵᠤᠬᠢᠶᠠᠬᠴᠢ᠄  ᠪᠤ᠂ ᠠᠯᠲᠠᠨᠪᠣᠯᠠᠭ                    ᠮᠠᠩᠨᠤᠭ ᠳᠠᠯ᠎ᠠ ᠶᠢᠨ ᠠᠭᠤᠳᠠᠮ ᠬᠦᠨᠳᠡᠢ ᠪᠠᠷ ᠨᠢ                    ᠮᠦᠩᠬᠦᠨ ᠭᠤᠣᠯ ᠤᠳ ᠮᠢᠷᠠᠯᠵᠠᠨ ᠣᠷᠣᠰᠣᠨ᠎ᠠ                    ᠮᠠᠨᠠᠨ ᠲᠠᠢ ᠠᠭᠤᠯᠠ ᠶᠢᠨ ᠵᠢᠮᠢᠰ ᠲᠠᠢ ᠣᠢ ᠪᠠᠷ ᠨᠢ                  ᠮᠠᠭᠳᠠᠭᠠᠯᠴᠢᠨ ᠬᠦᠬᠦᠭᠡ ᠳᠠᠭᠤ ᠪᠠᠨ ᠳᠠᠭᠤᠯᠠᠨ᠎ᠠ                        ᠠ ᠬᠠ ᠬᠦᠢ ᠠ ᠬᠠ ᠬᠦᠢ                    ᠦᠰᠴᠦ ᠲᠦᠷᠦᠭᠰᠡᠨ ᠦᠵᠦᠮᠣᠴᠢᠨ ᠨᠣᠳᠤᠭ ᠤᠨ ᠢᠶᠠᠨ                    ᠦᠵᠡᠰᠭᠦᠯᠡᠩ ᠪᠦᠬᠦᠨ ᠢ ᠨᠢ ᠳᠠᠭᠤᠯᠠᠭᠠᠳ ᠪᠠᠷᠠᠨ᠎ᠠ ᠤᠤ ᠳ᠋ᠠ                                          ᠪᠢ᠂ ᠨᠠᠷᠠ ᠨᠢ ᠰᠢᠷᠭᠠᠯᠳᠣᠵᠦ ᠨᠠᠪᠴᠢ ᠨᠢ ᠮᠦᠰᠢᠶᠡᠭᠰᠡᠨ ᠨᠠᠯᠠᠭᠠᠷᠬᠠᠨ ᠨᠠᠮᠣᠷ ᠤᠨ ᠨᠠᠮᠣᠭᠤᠬᠠᠨ ᠦᠳᠡᠰᠢ  ᠪᠠᠷ ᠠᠭᠠᠭ ᠲᠠᠢ ᠵᠠᠯᠠᠭᠤ ᠨᠠᠰᠣᠨ ᠳᠤ ᠮᠢᠨᠢ ᠠᠯᠣᠰ ᠬᠡᠳᠦ ᠶᠢᠨ ᠬᠦᠰᠡᠯᠡᠩ ᠤᠨ ᠵᠢᠭᠦᠷ ᠣᠷᠭᠤᠭᠤᠯᠵᠦ ᠦᠭᠭᠦᠨ ᠡᠷᠢᠯ ᠬᠦᠭᠡᠭᠡᠴᠡᠯᠳᠣᠯ ᠡᠷᠢᠯᠬᠢᠯᠡᠯ ᠲᠡᠮᠡᠣᠯᠠᠯ ᠢ ᠪᠣᠢ ᠪᠣᠯᠭᠠᠨ᠂ ᠪᠠᠶᠠᠷ ᠪᠠᠭ᠋ᠠᠳᠣᠯ ᠠᠵᠠ ᠵᠢᠷᠭᠠᠯ ᠢ ᠠᠪᠴᠢᠷᠠᠨ ᠦᠭᠭᠦᠭᠰᠡᠨ ᠮᠢᠨᠦ ᠰᠠᠶᠢᠬᠠᠨ ᠦᠯᠦᠭᠡᠢ —— ᠦᠵᠦᠮᠦᠴᠢᠨ ᠤ ᠪᠠᠨ ᠢᠷᠠᠭᠤ ᠳᠠᠭᠤᠯᠠᠯ ᠪᠣᠯᠬᠤ ︿︿ᠦᠵᠦᠮᠦᠴᠢᠨ ᠨᠣᠳᠤᠭ﹀﹀ ᠢᠶᠠᠨ ᠠᠶᠠᠷᠬᠠᠨ ᠡᠭᠡᠰᠢᠭᠯᠡᠭᠦᠯᠦᠨ ᠰᠡᠳᠭᠢᠯ ᠲᠡᠨᠢᠭᠦᠬᠡᠨ ᠵᠣᠭᠠᠴᠠᠬᠤ ᠳᠠᠭᠠᠨ ︿︿ᠡᠷᠢᠶᠡᠨ ᠪᠠᠷᠠᠭᠠᠨ ᠬᠤᠷᠸ᠎ᠠ᠂ ᠣᠭᠤᠰᠣᠷ ᠪᠦᠴᠠ ᠦᠭᠡᠢ ᠣᠷᠴᠢᠯᠠᠩ ᠳᠤ ᠬᠦᠯ ᠳᠣᠭᠲᠠᠨ ᠣᠷᠣᠩᠨᠠᠵᠦ᠂ ᠣᠷᠣᠰᠢᠨ ᠠᠮᠢᠳᠣᠷᠠᠬᠤ ᠣᠷᠣᠨ ᠵᠠᠢ ᠣᠯᠣᠭᠰᠠᠨ ᠬᠦᠮᠣᠨ ᠪᠦᠬᠦᠨ᠂ ᠦᠪᠡᠷ ᠦᠪᠡᠷᠰᠡᠳ ᠤᠨ ᠢᠶᠠᠨ ᠬᠤᠪᠢ ᠵᠠᠶᠠᠭ᠎ᠠ᠂ ᠬᠦᠰᠡᠯ ᠲᠠᠪᠢᠯᠠᠩ᠂ ᠠᠵᠠ ᠵᠠᠪᠰᠢᠶᠠᠨ ᠢᠶᠠᠨ ᠠᠯᠳᠠᠯ ᠦᠭᠡᠢ ᠡᠵᠢᠮᠳᠡᠵᠦ᠂ ᠰᠠᠨᠠᠵᠦ ᠰᠠᠷᠪᠡᠶᠢᠵᠦ᠂ ᠪᠣᠳᠣᠨ ᠰᠡᠳᠬᠢᠵᠦ᠂ ᠬᠦᠰᠡᠨ ᠲᠡᠮᠡᠣᠯᠡᠵᠦ ᠶᠠᠪᠣᠭ᠎ᠠ ᠪᠣᠢ ᠪᠦᠬᠦᠢ ᠠᠵᠢᠯ ᠣᠶᠢᠯᠡᠰ ᠵᠣᠷᠢᠯᠳᠠ ᠣᠶᠢᠯᠡ ᠵᠢᠴᠢ ᠠᠵᠦ ᠠᠮᠢᠳᠣᠷᠠᠯ ᠰᠣᠷᠣᠯᠭ᠎ᠠ ᠳᠡᠮᠡᠴᠡᠯ  ᠶᠢᠨ ᠢᠶᠠᠨ ᠬᠤᠶᠢᠨᠠᠬᠠᠨ ᠠᠴᠠ ᠡᠷᠢᠯᠬᠢᠯᠡᠨ ᠵᠢᠳᠭᠦᠨ ᠡᠷᠡᠯᠭᠡᠭᠯᠡᠨ ᠲᠡᠮᠡᠴᠡᠵᠦ᠂ ᠰᠢᠭᠤᠷᠬᠠᠶᠢᠯᠠᠨ ᠮᠡᠷᠡᠶᠢᠵᠦ ᠭᠠᠪᠰᠢᠭᠠᠯᠢᠠᠨ ᠠᠵᠢᠯᠯᠠᠬᠤ ᠭᠡᠭᠴᠢ ᠪᠠᠰᠠ ᠴᠦ ᠨᠢᠭᠡ ᠶᠣᠰᠣᠨ ᠤ ᠵᠣᠯ ᠵᠢᠷᠭᠠᠯ ᠪᠠᠶᠢᠵᠦ ᠳᠠᠭᠠᠷᠠᠬᠤ ᠶᠣᠮ ᠰᠢᠣ︕﹀﹀ ᠭᠡᠳᠡᠭ ᠢ ᠡᠯᠢᠭᠡ ᠵᠢᠷᠣᠬᠡᠨ ᠳᠡᠭᠡᠨ ᠮᠠᠳᠡᠷᠡᠵᠦ ᠶᠠᠪᠣᠭᠰᠠᠨ ᠰᠠᠨ︕                ᠣᠷᠢᠬᠠᠨ ᠬᠠᠪᠣᠷ ᠤᠨ ᠬᠦᠭᠡ ᠵᠡᠷᠭᠡᠯᠭᠡᠨ ᠤ ᠳᠣᠮᠳᠠᠭᠤᠷ ᠠᠯᠣᠰ ᠳᠡᠷᠳᠡᠭᠡ ᠬᠠᠷᠠᠭᠠᠨ ᠤ ᠦᠵᠦᠭᠦᠷ ᠲᠤ ᠰᠦᠮᠡᠯᠵᠢᠩᠬᠡᠨ ᠰᠦᠮᠡᠯᠵᠢᠭᠡᠳ ᠴᠡᠩᠭᠡᠷᠯᠡᠩᠬᠡᠨ ᠴᠡᠩᠭᠡᠷᠯᠡᠨ ᠬᠠᠷᠠᠭᠳᠠᠬᠤ ᠠᠭᠤᠯᠠᠰ ᠤᠨ ᠪᠠᠷ᠎ᠠ ᠶᠢ ᠴᠢᠭᠯᠡᠰᠬᠢᠨ ᠳᠠᠯ᠎ᠠ  ᠶᠢᠨ ᠢᠶᠠᠨ ᠦᠷᠦᠴᠡᠨ ᠳᠤ ᠵᠣᠷᠡᠶᠢᠨ ᠳᠣᠷᠡᠶᠢᠯᠵᠠᠭᠠᠳ ᠲᠡᠭᠷᠢ ᠶᠢᠨ ᠬᠠᠶᠠᠭ᠎ᠠ ᠵᠦᠭ ᠰᠣᠨᠣᠯᠵᠡᠨ ᠣᠷᠳᠣᠰᠢᠬᠤ ᠬᠦᠳᠡᠭᠡ ᠶᠢᠨ ᠰᠢᠷᠭᠠᠯᠬᠠᠨ ᠵᠠᠮ ᠢᠶᠠᠷ ᠰᠡᠳᠭᠢᠯ ᠳᠣᠭᠳᠣᠯᠣᠭᠤᠯᠣᠨ ᠲᠡᠮᠡᠣᠯᠡᠭᠦᠯᠬᠦ ᠨᠢ ᠶᠠᠭᠠᠬᠢᠭᠰᠠᠨ ᠰᠠᠶᠢᠬᠠᠨ ᠭᠡᠭᠴᠢ ᠶᠢ ᠵᠣᠶᠢᠷᠡᠯᠡᠬᠦ ᠶᠢᠨ ᠠᠷᠭ᠎ᠠ ᠦᠭᠡᠢ ᠪᠦᠬᠡᠳ ᠶᠠᠭᠤᠳᠠᠢ ᠭᠤᠶᠣ ᠪᠣᠢ︖ ᠭᠡᠳᠡᠭ ᠢ ᠦᠭᠡ ᠪᠠᠷ ᠢᠯᠡᠳᠬᠡᠬᠦᠶ᠎ᠡ ᠪᠡᠷᠬᠡ᠃ ᠲᠡᠷᠡᠬᠦ ᠠᠯᠣᠰ ᠤᠨ ᠬᠠᠷᠠᠭᠠᠨ ᠳᠤ ᠵᠡᠷᠭᠡᠯᠭᠡᠨᠳᠡᠨ ᠬᠦᠬᠡᠷᠣᠵᠦ ᠴᠡᠩᠭᠡᠷᠳᠡᠨ ᠰᠦᠮᠪᠦᠷᠯᠡᠬᠦ ᠠᠭᠤᠯᠠ ᠶᠢ ᠠᠯᠳᠠᠨ ᠣᠪᠣᠭ᠎ᠠ ᠭᠡᠳᠡᠭ ᠡ︕ ᠡᠨᠡ ᠣᠪᠣᠭ᠎ᠠ ᠨᠢ ᠮᠢᠨᠦ ᠦᠪᠡᠷ ᠤᠨ ᠨᠠᠷᠠᠯᠠᠭ ᠬᠤᠷᠸ᠎ᠠ ᠳᠤ ᠠᠮᠢ ᠨᠠᠰᠣ ᠶᠢ ᠣᠯᠵᠦ ᠬᠦᠮᠣᠨ ᠪᠣᠯᠣᠨ ᠣᠨᠠᠨ ᠲᠦᠷᠦᠵᠦ ᠣᠬᠢᠯᠡᠨ ᠪᠣᠰᠴᠦ᠂ ᠳᠣᠭᠯᠠᠩᠬᠠᠨ ᠨᠠᠭᠠᠳᠴᠦ ᠳᠣᠷᠨᠢᠩᠬᠡᠨ ᠦᠰᠴᠦ ᠦᠭᠡᠯᠡᠶᠢᠵᠡᠨ ᠪᠣᠶᠢᠵᠢᠭᠰᠡᠨ ᠦᠯᠦᠭᠡᠢ ᠨᠣᠳᠤᠭ ᠶᠣᠮ ᠰᠠᠨ᠂ ᠲᠡᠭᠡᠬᠦ ᠪᠠᠷ ᠢᠶᠠᠨ ᠴᠣᠬᠤᠮ ᠯᠡ ᠣᠣᠭᠤᠭᠰᠠᠨ ᠣᠰᠦ ᠣᠨᠠᠭᠰᠠᠨ ᠰᠢᠷᠦᠢ ᠯᠡ ᠭᠡᠵᠦ ᠮᠡᠳᠡ︕                ᠪᠢ᠂ ᠠᠯᠳᠠᠨ ᠣᠪᠣᠭ᠎ᠠ ᠪᠠᠨ ᠰᠡᠳᠬᠢᠯ ᠵᠢᠷᠣᠬᠡᠨ ᠳᠡᠭᠡᠨ ᠠᠷᠭᠠᠮᠵᠢᠵᠦ᠂ ᠬᠡᠭᠦᠳᠡᠭ ᠴᠡᠭᠡᠵᠢᠨ ᠳᠡᠭᠡᠨ ᠦᠨᠢ ᠡᠭᠦᠷᠢᠳᠠ ᠬᠠᠶᠢᠷᠠᠯᠠᠨ ᠰᠠᠨᠠᠵᠦ᠂ ᠦᠶ᠎ᠡ ᠶᠢᠨ ᠦᠶ᠎ᠡ ᠳᠡᠭᠡᠨ ᠳᠣᠷᠠᠰᠣᠨ ᠰᠠᠨᠠᠭᠠᠯᠵᠠᠨ᠎ᠠ᠃ ᠬᠡᠷᠪᠡ ᠬᠦᠮᠣᠨ ᠭᠡᠭᠴᠢ ᠠᠮᠢᠳᠠᠨ ᠳᠤ ᠡᠷᠬᠢᠭᠦ ᠲᠦᠷᠦᠯ ᠭᠡᠵᠦ ᠪᠠᠶᠢᠵᠦ ᠪᠠᠶᠢᠭᠠᠳ ᠳᠠᠬᠢᠵᠦ ᠬᠦᠮᠣᠨ ᠲᠦᠷᠦᠯᠳᠡᠨ ᠪᠣᠯᠵᠦ ᠡᠨᠡ ᠣᠷᠴᠢᠯᠠᠩ ᠶᠢᠷᠳᠢᠨᠴᠦ ᠳᠤ ᠢᠷᠡᠬᠦ ᠳᠤ ᠬᠦᠷᠪᠡᠯ ᠠᠬᠢᠭᠠᠳ ᠡᠨᠡᠬᠦ ᠬᠤᠷᠸ᠎ᠠ ᠳᠤ ᠭᠠᠭᠴᠠᠬᠠᠨ ᠯᠡ ᠪᠠᠶᠢᠳᠠᠭ ᠠᠯᠳᠠᠨ ᠣᠪᠣᠭ᠎ᠠ  ᠶᠢᠨ ᠢᠶᠠᠨ ᠡᠩᠭᠡᠷ ᠲᠡᠭᠡᠨ ᠬᠤᠶᠠᠳᠠᠭᠢ ᠣᠳᠠᠭ᠎ᠠ ᠪᠠᠨ ᠠᠮᠢ ᠨᠠᠰᠣ ᠣᠯᠵᠦ ᠲᠦᠷᠦᠨ᠎ᠡ︕ ᠳᠡᠭᠡᠭᠡᠳ ᠣᠭᠤᠣᠭᠰᠠᠨ ᠣᠰᠣ ᠣᠨᠠᠭᠰᠠᠨ ᠰᠢᠷᠦᠢ—— ᠠᠯᠳᠠᠨ ᠣᠪᠣᠭ᠎ᠠ ᠪᠠᠨ ᠬᠤᠷᠸ᠎ᠠ ᠳᠤ ᠬᠤᠪᠣᠷᠬᠠᠨ ᠭᠠᠩᠭᠠᠩ ᠦᠵᠡᠰᠭᠦᠯᠡᠩᠳᠦ ᠣᠷᠣᠨ ᠪᠣᠯᠭᠠᠨ ᠪᠦᠳᠦᠭᠡᠨ ᠪᠠᠶᠢᠭᠤᠯᠵᠦ ᠶᠢᠷᠲᠢᠨᠴᠦ ᠶᠢᠨ ᠴᠢᠬᠢᠨ᠎ᠠ ᠬᠠᠩᠭᠢᠨᠠᠭᠤᠯᠵᠦ ᠪᠦᠮᠪᠦᠷᠴᠡᠭ ᠤᠨ ᠬᠠᠷᠠᠭᠠᠨ᠎ᠠ ᠳᠣᠳᠣᠷᠠᠭᠤᠯᠣᠨ᠎ᠠ︕ ᠮᠦᠨᠴᠦ ᠳᠡᠭᠡᠭᠡᠳ ᠠᠯᠳᠠᠷᠠᠢ ᠵᠠᠯᠠᠭᠤ ᠨᠠᠰᠣᠨ ᠳᠠᠭᠠᠨ ᠠᠯᠳᠠᠨ ᠬᠡᠪᠡᠯᠢ ᠳᠤ ᠪᠠᠨ ᠠᠷᠪᠡᠨ ᠰᠠᠷ᠎ᠠ  ᠪᠠᠷ ᠠᠴᠢᠶᠠᠯᠠᠨ ᠲᠡᠭᠡᠭᠡᠵᠦ ᠡᠷᠭᠦᠨ ᠵᠦᠳᠡᠵᠦ ᠦᠢᠯᠡ ᠲᠠᠮᠣ ᠪᠠᠨ ᠦᠵᠡᠨ ᠪᠠᠶᠢᠵᠦ ᠡᠨᠡ ᠬᠤᠷᠸ᠎ᠠ ᠳᠤ ᠲᠦᠷᠦᠭᠦᠯᠵᠦ᠂ ᠠᠩᠭᠢᠷ ᠣᠭᠤᠷᠢᠭ ᠢᠶᠠᠨ ᠰᠢᠮᠡᠭᠦᠯᠦᠨ ᠪᠠᠶᠢᠵᠦ ᠦᠰᠭᠡᠨ᠂ ᠠᠯᠣᠰ ᠤᠨ ᠬᠠᠷᠭᠤᠢ ᠳᠤ ᠮᠢᠨᠢ ᠬᠦᠰᠡᠯ ᠤᠨ ᠵᠢᠯᠣᠭᠤ ᠠᠳᠬᠤᠭᠤᠯᠣᠭᠰᠠᠨ ᠠᠵᠠᠢ ᠪᠣᠭᠤᠷᠣᠯ ᠠᠪᠤ ᠡᠵᠢ ᠶᠢ ᠪᠠᠨ ᠠᠰᠠᠷᠠᠵᠦ ᠬᠦᠨᠳᠦᠯᠡᠵᠦ ᠳᠡᠮᠡᠢ ᠴᠢᠳᠠᠵᠦ᠂ ᠠᠴᠢ ᠭᠠᠪᠢᠶ᠎ᠠ ᠬᠠᠶᠢᠷ᠎ᠠ ᠡᠨᠡᠷᠢᠯ ᠢ ᠨᠢ ᠬᠠᠷᠢᠭᠤᠯᠵᠦ ᠡᠰᠡ ᠴᠢᠳᠠᠭᠰᠠᠨ ᠣᠴᠢᠷ ᠠᠮᠣᠷᠯᠢᠩᠭᠤᠶᠢᠬᠠᠨ ᠨᠣᠶᠢᠷᠰᠤᠭ᠎ᠠ ᠣᠨᠠᠭᠠᠨ ᠬᠤᠩᠭᠤᠷᠬᠠᠨ ᠪᠠᠶᠢᠭᠠᠯᠢ᠂ ᠬᠦᠷᠣᠰᠦᠳᠦ ᠠᠯᠳᠠᠨ ᠳᠡᠯᠡᠬᠡᠢ ᠪᠠᠨ ᠦᠨᠢ ᠶᠢᠨ ᠦᠨᠢᠳᠡ ᠬᠠᠶᠢᠷᠠᠯᠠᠵᠦ ᠬᠢᠮᠠᠭᠠᠳᠠᠵᠦ᠂ ᠠᠰᠢᠳᠠ ᠶᠢᠨ ᠠᠰᠢᠳᠠ ᠰᠠᠬᠢᠨ ᠬᠠᠮᠠᠭᠠᠯᠠᠵᠦ᠂ ᠦᠶ᠎ᠡ ᠶᠢᠨ ᠦᠶ᠎ᠡ ᠳᠡᠭᠡᠨ ᠦᠪᠯᠡᠨ ᠳᠡᠭᠡᠳᠦᠯᠡᠵᠦ ᠡᠭᠦᠷᠢᠳᠡ ᠶᠢᠨ ᠡᠭᠦᠷᠢᠳᠡ ᠴᠡᠴᠡᠭᠯᠡᠭᠦᠯᠦᠨ ᠬᠦᠭᠵᠡᠭᠦᠯᠵᠦ ᠲᠡᠷᠡᠴᠢᠯᠡᠨ ᠴᠢᠮᠬᠢ ᠰᠢᠷᠣᠢ᠂ ᠰᠢᠷᠬᠡᠭ ᠡᠪᠡᠰᠦ᠂ ᠳᠣᠰᠣᠯ ᠣᠰᠣ ᠶᠢ ᠨᠢ ᠬᠦᠷᠳᠡᠯ᠎ᠡ ᠠᠮᠢᠨᠴᠢᠯᠠᠨ ᠬᠠᠶᠢᠷᠠᠯᠠᠵᠦ ᠶᠠᠪᠣᠨ᠎ᠠ ᠪᠢ︕                ᠠᠯᠳᠠᠨ ᠣᠪᠣᠭ᠎ᠠ —— ᠮᠢᠨᠦ ᠲᠦᠷᠦᠭᠰᠡᠨ ᠨᠣᠳᠤᠭ ᠡ︕                ᠠᠯᠳᠠᠨ ᠣᠪᠣᠭ᠎ᠠ —— ᠮᠢᠨᠦ ᠠᠮᠢᠨ ᠬᠠᠶᠢᠷᠠᠳᠠᠢ ᠨᠣᠳᠤᠭ ᠡ︕                ᠠᠯᠳᠠᠨ ᠣᠪᠣᠭ᠎ᠠ —— ᠮᠢᠨᠦ ᠡᠭᠦᠷᠢᠳᠡ ᠶᠢᠨ ᠰᠠᠬᠢᠶ᠎ᠠ ᠲᠠᠢ ᠨᠣᠳᠤᠭ ᠡ︕                2016 ᠣᠨ ᠤ 10 ᠳ᠋ᠣᠭᠠᠷ ᠰᠠᠷ᠎ᠠ ᠶᠢᠨ 25 ᠳᠤ ᠪᠠᠯᠭᠠᠷᠭᠤᠣᠯ ᠪᠠᠯᠭᠠᠰᠣᠨ᠎ᠠ          2017 ᠣᠨ ᠤ ︿︿ᠦᠵᠦᠮᠦᠴᠢᠨ﹀﹀ ᠰᠡᠳᠬᠦᠯ ᠤᠨ ᠳᠡᠭᠡᠷ᠎ᠡ ᠬᠤᠭᠤᠴᠠᠭᠠᠨ ᠳᠤ ᠨᠡᠶᠢᠳᠡᠯᠡᠭᠳᠡᠪᠡ᠃
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号