ᠠᠰᠠᠭᠤᠬᠤ ᠦᠭᠡᠢ ᠬᠠᠷᠢᠭᠤᠯᠬᠤ ᠦᠭᠡᠢ ᠭᠡᠮᠰᠢᠬᠦ ᠦᠭᠡᠢ
ᠨᠡᠶᠢᠲᠡᠯᠡᠭᠰᠡᠨ ᠴᠠᠭ᠄
2020/5/29
     ᠰᠤᠨᠤᠰᠬᠤ ᠦᠭᠡᠢ ᠠᠰᠠᠭᠤᠬᠤ ᠦᠭᠡᠢ ᠨᠢ ᠪᠤᠳᠤᠵᠦ ᠦᠭᠡᠢ ᠪᠢᠰᠢ᠂ ᠭᠡᠮᠰᠢᠬᠦ ᠦᠭᠡᠢ ᠨᠢ ᠳᠤᠷᠠᠰᠤᠨ ᠰᠠᠨᠠᠵᠦ ᠪᠠᠶᠢᠬᠤ ᠦᠭᠡᠢ ᠪᠢᠰᠢ᠂ ᠬᠡᠷᠪᠡ ᠠᠰᠠᠭᠤᠪᠠᠯ ᠬᠠᠷᠢᠭᠤᠯᠪᠠᠯ ᠰᠡᠳᠬᠢᠯ ᠨᠡᠩ ᠬᠦᠨᠲᠦ ᠪᠤᠯᠤᠨ᠎ᠠ᠃ ᠶᠠᠭᠠᠬᠢᠬᠤ ᠶᠢᠨ ᠠᠷᠭ᠎ᠠ ᠦᠭᠡᠢ ᠨᠢ ᠬᠠᠰᠢ ᠯᠠ ᠶᠠᠭᠠᠬᠢᠬᠤ ᠶᠢᠨ ᠠᠷᠭ᠎ᠠ ᠦᠭᠡᠢ᠂ ᠠᠪᠤᠷᠠᠭᠳᠠᠰᠢ ᠦᠭᠡᠢ ᠨᠢ ᠬᠠᠰᠢ ᠯᠠ ᠠᠪᠤᠷᠠᠭᠳᠠᠰᠢ ᠦᠭᠡᠢ ᠳᠤᠯᠠ ᠶᠠᠭᠤᠨ ᠳᠤ ᠵᠠᠪᠠᠯ ᠠᠰᠠᠭᠤᠬᠤ ᠪᠤᠢ︖          ᠶᠠᠪᠤᠬᠤ ᠨᠢ ᠬᠠᠰᠢ ᠯᠠ ᠶᠠᠪᠤᠬᠤ ᠪᠠᠷ ᠢᠶᠠᠨ ᠶᠠᠪᠤᠨ᠎ᠠ᠂ ᠦᠯᠡᠳᠡᠨ᠎ᠡ ᠨᠢ ᠬᠠᠰᠢ ᠯᠠ ᠦᠯᠡᠳᠡᠬᠦ ᠪᠠᠷ ᠢᠶᠠᠨ ᠦᠯᠡᠳᠡᠨ᠎ᠡ᠂ ᠡᠮᠦᠨᠡᠬᠢ ᠵᠠᠮ ᠢᠶᠠᠨ ᠵᠦᠪᠬᠡᠨ ᠦᠪᠡᠷ ᠢᠶᠠᠨ ᠰᠢᠢᠳᠪᠦᠷᠢᠯᠡᠨ᠎ᠡ᠂ ᠭᠡᠮᠰᠢᠭᠡᠳ ᠶᠠᠮᠠᠷ ᠭᠡᠷᠡᠭᠳᠡᠢ ᠪᠤᠢ︖        ᠤᠮᠠᠷᠠᠳᠤ ᠤᠷᠤᠨ ᠳᠤ ᠪᠠᠶᠢᠬᠤ ᠬᠦᠨᠲᠦ ᠡᠪᠡᠳᠴᠢᠨ ᠲᠠᠢ ᠠᠪᠤ ᠨᠢ ᠡᠮᠦᠨᠡᠲᠦ ᠤᠷᠤᠨ ᠳᠤ ᠪᠠᠶᠢᠬᠤ ᠬᠦᠨᠲᠦ ᠡᠪᠡᠳᠴᠢᠨ ᠲᠠᠢ ᠬᠦᠦ ᠳᠤ ᠪᠠᠨ ︽ᠪᠢᠳᠡ ᠠᠳᠠᠯᠢ ᠪᠠᠷ ᠰᠠᠶᠢᠨ ᠪᠢᠰᠢ ᠴᠦ ᠰᠠᠶᠢᠨ ᠪᠤᠯᠬᠤ ᠭᠡᠷᠡᠭᠳᠡᠢ᠂ ᠬᠡᠨ ᠠᠯᠢᠨ ᠢ  ᠪᠠᠨ ᠬᠠᠪᠰᠤᠷᠴᠤ ᠳᠡᠶᠢᠯᠬᠦ ᠦᠭᠡᠢ ᠳᠤᠯᠠ ᠦᠪᠡᠷ ᠢ ᠪᠠᠨ ᠦᠪᠡᠷᠲᠡᠭᠡᠨ ᠵᠤᠷᠢᠭᠵᠢᠭᠤᠯᠤᠭᠠᠷᠠᠢ︕︾ ᠭᠡᠰᠡᠨ ᠶᠠᠷᠢᠯᠴᠠᠭ᠎ᠠ ᠶᠢ ᠲᠧᠯᠸᠢᠰ ᠳᠡᠭᠡᠷ᠎ᠡ ᠳᠠᠯᠪᠢᠪᠠ᠃        ᠠᠰᠠᠭᠤᠬᠤ ᠦᠭᠡᠢ ᠬᠠᠷᠢᠭᠤᠯᠬᠤ ᠦᠭᠡᠢ ᠭᠡᠮᠰᠢᠬᠦ ᠦᠭᠡᠢ ᠪᠤᠯ ᠬᠡᠲᠦᠢ ᠠᠭᠤᠵᠢᠮ ᠰᠠᠶᠢᠬᠠᠨ ᠪᠤᠢ︕                    ᠯᠢᠦ ᠶᠦᠩ ᠤᠨ ︽ᠳᠠᠪᠤ ᠭᠤᠷᠪᠠᠨ‌‍ᠰᠠᠶᠢᠨ ᠦᠭᠡ︾ ᠭᠡᠬᠦ ᠨᠤᠮ ᠠᠴᠠ
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号