— ᠴᠢᠪᠠᠭ᠎ᠠ ᠶᠢᠨ ᠬᠤᠶᠠᠳᠤᠭᠠᠷ ᠲᠤᠮᠳᠠᠳᠤ ᠰᠤᠷᠭᠠᠭᠤᠯᠢ ᠶᠢᠨ | ᠲᠡᠭᠡᠳᠤ ᠭᠤᠷᠪᠠ ᠶᠢᠨ ᠪᠠᠭᠰᠢ ᠰᠣᠷᠣᠭᠴᠢᠳ ᠤᠨ | ︽ᠠᠯᠤᠰ ᠤᠨ ᠬᠠᠷᠭᠤᠢ︾ ᠶᠠᠷᠢᠯᠴᠠᠭᠠᠨ ᠤ ᠬᠤᠷᠠᠯ ᠲᠡᠭᠡᠷᠡᠬᠢ ᠶᠠᠷᠢᠶ᠎ᠠ | ᠪᠠ᠊᠂ ᠰᠤᠪᠤᠷᠭ᠎ᠠ ︵ᠤᠨᠴᠠ ᠲᠡᠰ ᠤᠨ ᠪᠠᠭᠰᠢ︶ | ᠡᠷᠳᠡᠮᠳᠤ ᠮᠡᠷᠭᠡᠨ ᠪᠠᠭᠰᠢᠨᠠᠷ᠂ ᠠᠪᠢᠶᠠᠰ ᠦᠯᠡᠮᠵᠢ ᠬᠠᠶᠢᠷᠠᠳᠤ ᠰᠤᠷᠤᠭᠴᠢᠳ ᠰᠠᠶᠢᠨ ᠪᠠᠶᠢᠵᠠᠭᠠᠨ᠎ᠠ | ᠤᠤ︖ | ᠠᠷᠪᠠᠨ ᠭᠤᠷᠪᠠᠨ ᠡᠳᠦᠷ ᠤᠨ ᠲᠠᠷᠠᠭ᠎ᠠ ︽ᠤᠯᠤᠰ ᠤᠨ ᠨᠢᠭᠡᠳᠦᠯᠳᠡᠢ ᠰᠢᠯᠭᠠᠯᠳᠠ︾ ᠪᠠᠷ ᠠᠵᠠ ᠪᠠᠨ | ᠰᠤᠷᠢᠵᠦ ᠬᠤᠪᠢ ᠵᠠᠶᠠᠭ᠎ᠠ ᠪᠠᠨ ᠰᠢᠯᠭᠠᠭᠤᠯᠬᠤ ᠪᠠᠷ ᠶᠠᠭᠠᠷᠠᠯᠳᠠᠢ ᠪᠡᠯᠡᠳᠬᠡᠵᠦ ᠪᠠᠶᠢᠭ᠎ᠠ ᠬᠠᠶᠢᠷᠠᠳᠤ ᠰᠤᠷᠤᠭᠴᠢᠳ ᠲᠤ | ᠪᠠᠨ ᠬᠡᠢ ᠮᠤᠷᠢ ᠶᠢᠨ ᠲᠠᠯᠠᠯᠭ᠎ᠠ ᠠᠪᠤᠶ᠎ᠠ︕ | ᠬᠤᠷᠤᠢ᠂ ᠬᠤᠷᠤᠢ᠂ ᠬᠤᠷᠤᠢ︕ | ᠬᠤᠷᠤᠢ᠂ ᠬᠤᠷᠤᠢ᠂ ᠬᠤᠷᠤᠢ︕ | ︽ᠡᠷᠳᠡᠮ ᠮᠡᠳᠡᠯᠭᠡ︾ ᠭᠡᠳᠡᠭ ᠬᠦᠰᠡᠯ ᠢ ᠲᠠᠯᠠᠯᠳᠠᠭ ᠶᠠᠭᠤᠮ᠎ᠠ ᠪᠢᠳᠡᠨ ᠪᠦᠬᠦᠨ ᠤ ᠰᠤᠶᠤᠯ ᠡᠷᠳᠡᠮ ᠤᠨ ᠵᠠᠮ | ᠢ ᠬᠤᠯᠪᠤᠵᠦ᠂ ᠭᠤᠷᠪᠠᠨ ᠵᠢᠯ ᠤᠨ ᠡᠮᠦᠨᠡᠬᠢ ᠠᠯᠳᠠᠨ ᠰᠠᠶᠢᠬᠠᠨ ᠨᠠᠮᠤᠷ ᠡᠨᠡ ᠬᠦ ᠰᠠᠶᠢᠬᠠᠨ ᠰᠤᠷᠭᠠᠭᠤᠯᠢ ᠳᠤ ᠤᠴᠠᠷᠠᠨ | ᠵᠤᠯᠭᠠᠭᠰᠠᠨ ᠪᠢᠯᠡ᠃ | ᠪᠢᠳᠡ ᠲᠠᠨᠢᠯᠴᠠᠯ᠎ᠠ᠂ ᠤᠶᠢᠯᠠᠭᠠᠯᠴᠠᠯᠠ᠂ ᠲᠠᠰᠤᠯᠴᠠᠯᠠ᠂ ᠪᠠᠰᠠ ᠦᠶᠡᠷᠬᠡᠨ ᠨᠠᠶᠢᠵᠠᠯᠠᠯᠠ᠃ ᠪᠠᠭᠰᠢ ᠨᠢ ᠰᠤᠷᠭᠠᠬᠤ | ᠶᠢᠨ ᠲᠤᠭ ᠢ ᠰᠠᠵᠢᠵᠦ᠂ ᠲᠠᠨᠤᠰ ᠰᠤᠷᠬᠤ ᠶᠢᠨ ᠵᠢᠯᠤᠭᠤ ᠶᠢ ᠰᠤᠩᠭᠠᠭᠰᠠᠭᠠᠷ ᠨᠢᠭᠡᠨᠳᠡ ᠭᠤᠷᠪᠠᠨ ᠡᠪᠦᠯ ᠬᠠᠪᠤᠷ ᠢ | ᠤᠭᠳᠤᠨ ᠦᠳᠡᠯ᠎ᠡ᠂ ᠪᠢᠳᠡ ᠬᠦᠰᠡᠯ ᠲᠡᠮᠡᠦᠯᠦᠯ᠂ ᠬᠦᠭᠰᠡᠯ ᠬᠡᠶᠢᠷᠬᠡᠯ᠂ ᠪᠠᠶᠠᠷ ᠭᠤᠨᠢᠭ᠂ ᠭᠠᠴᠢᠭᠳᠠᠯ ᠲᠦᠪᠡᠭᠳᠡᠯ᠂ ᠵᠤᠯ | ᠵᠢᠷᠭᠠᠯ ᠢᠶᠠᠷ ᠲᠦᠭᠦᠷᠡᠩ ᠮᠢᠩᠭ᠎ᠠ ᠭᠠᠷᠤᠢ ᠡᠳᠦᠷ ᠬᠤᠨᠤᠭ ᠢ ᠬᠠᠮᠳᠤ ᠲᠤᠭᠤᠯᠤᠭᠰᠠᠭᠠᠷ ᠢᠷᠡᠭᠰᠡᠨ ᠶᠤᠮ᠃ | ᠡᠷᠳᠡᠨᠢ ᠶᠢᠨ ᠰᠠᠶᠢᠬᠠᠨ ᠴᠤᠭᠴᠠᠰ ᠴᠢᠨᠢ ᠦᠭᠡᠯᠡᠢ ᠦᠨᠳᠦᠷ ᠪᠤᠯᠬᠤ ᠶᠢ ᠲᠠᠭᠠᠯᠳᠤᠨ ᠡᠷᠳᠡᠮ ᠴᠢᠳᠠᠪᠤᠷᠢ ᠴᠢᠨᠢ | ᠬᠦᠭᠵᠢᠯᠳᠡ ᠪᠠᠨ ᠤᠯᠤᠭᠠᠳ᠂ ᠤᠳᠤ ︽ᠪᠤᠰ᠂ ᠪᠤᠰ︕︾ ᠭᠡᠵᠦ ᠮᠦᠷᠦᠨ ᠠᠴᠠ ᠴᠢᠨᠢ ᠲᠠᠳᠠᠭᠠᠳ᠂ ︽ᠬᠡᠭᠡᠷ᠎ᠡ ᠶᠢᠨ | ᠭᠠᠯᠠᠭᠤ ᠨᠢᠰᠦᠭᠡᠳ ᠬᠦᠷᠬᠦ ᠦᠭᠡᠢ ᠭᠠᠵᠠᠷ ᠠᠴᠠ ᠬᠦᠮᠦᠨ ᠤ ᠬᠦᠦ ᠴᠢ ᠡᠷᠳᠡᠨᠢ ᠡᠪᠦᠷᠳᠦᠯᠡᠵᠦ ᠢᠷᠡᠬᠦ ᠪᠠᠷ | ᠶᠠᠪᠤᠵᠠᠭᠠᠶ᠎ᠠ︕︾ ᠭᠡᠳ ᠰᠡᠳᠬᠢᠯ ᠢ ᠴᠢᠨᠢ ᠭᠡᠵᠢᠭᠡᠳᠡᠭᠡᠳ ᠪᠠᠶᠢᠨ᠎ᠠ᠃ | ᠲᠠᠨᠤᠰ ᠰᠠᠶᠢᠨ ᠰᠠᠶᠢᠬᠠᠨ ᠬᠦᠰᠡᠯ ᠬᠦᠭᠡᠭᠡᠴᠡᠯᠳᠦᠯ ᠲᠠᠢ᠂ ᠴᠠᠶᠢᠯᠭᠠᠨ ᠴᠠᠭᠠᠪᠤᠷ ᠰᠠᠨᠠᠭ᠎ᠠ ᠰᠡᠳᠬᠢᠯᠭᠡ ᠲᠠᠢ᠂ | ᠠᠷᠪᠢᠴᠢ ᠭᠠᠮᠳᠠᠢ ᠠᠮᠢᠳᠤᠷᠠᠯ ᠤᠨ ᠰᠤᠷᠳᠠᠯ ᠲᠠᠢ᠂ ᠠᠵᠢᠯᠴᠢ ᠬᠢᠴᠢᠶᠡᠩᠭᠦᠢ ᠰᠢᠷᠭᠠᠭᠤ ᠴᠢᠷᠮᠠᠶᠢᠯᠭ᠎ᠠ ᠲᠠᠢ᠂ ᠤᠬᠠᠭᠠᠨ | ᠲᠤᠮᠤᠭ᠎ᠠ ᠲᠠᠢ᠂ ᠦᠵᠡᠰᠬᠦᠯᠡᠩ ᠭᠠᠩᠭᠠᠩ ᠵᠠᠯᠠᠭᠤᠰ ᠪᠤᠯᠤᠨ ᠤᠷᠭᠤᠭᠠᠳ ᠢᠷᠡᠭᠰᠡᠨ ᠭᠤᠷᠪᠠᠨ ᠵᠢᠯ ᠤᠨ ᠲᠤᠷᠰᠢ᠂ | ᠪᠠᠭᠰᠢ ᠨᠢ ᠲᠠᠨᠠᠷ ᠤᠨ ᠢᠶᠠᠨ ᠲᠤᠮᠳᠠ ᠢᠳᠡᠭᠡᠯ ᠬᠦᠰᠡᠯ ᠲᠠᠢ᠂ ᠵᠢᠳᠬᠦᠯ ᠴᠢᠷᠮᠠᠶᠢᠯᠭ᠎ᠠ ᠲᠠᠢ᠂ ᠢᠨᠢᠶᠡᠳᠦ ᠲᠠᠢ | ᠬᠠᠨᠢᠶᠠᠳᠤ ᠲᠠᠢ᠂ ᠪᠠᠰᠠ ᠬᠠᠷᠠᠮᠰᠠᠯ ᠭᠡᠮᠰᠢᠯ ᠲᠠᠢ᠂ ᠵᠤᠯ ᠵᠢᠷᠭᠠᠯ ᠲᠠᠢ᠂ ᠤᠯᠵᠠ ᠤᠮᠤᠭ ᠲᠠᠢ ᠠᠵᠢᠯᠯᠠᠵᠦ ᠢᠷᠡᠭᠰᠡᠨ | ᠢᠶᠠᠨ ᠡᠷᠬᠢᠴᠡᠬᠦᠯᠦᠨ ᠲᠡᠮᠳᠡᠭᠯᠡᠵᠦ ᠪᠠᠶᠢᠨ᠎ᠠ᠃ ᠡᠳᠦᠷ ᠪᠦᠷᠢ ᠲᠠᠨᠤᠰ ᠢᠶᠠᠨ ᠬᠠᠷᠠᠪᠠᠯ ᠶᠠᠭ ᠯᠠ ᠨᠠᠷᠠ ᠪᠠᠨ ᠤᠯᠵᠠᠦ | ᠦᠵᠡᠭᠰᠡᠨ ᠰᠢᠭ ᠪᠡᠶ᠎ᠡ ᠳᠤ ᠲᠤᠯᠠᠭᠠᠬᠠᠨ᠂ ᠰᠡᠳᠬᠢᠯ ᠳᠤ ᠬᠠᠯᠠᠭᠤᠬᠠᠨ᠂ ᠤᠷᠮ᠎ᠠ ᠰᠡᠳᠬᠢᠯᠭᠡ ᠤᠷᠬᠢᠯᠤᠮ᠎ᠠ ᠪᠠᠳᠠᠷᠠᠳᠠᠭ | ᠰᠠᠨ᠁ | ᠡᠶᠢᠮᠦ ᠠᠴᠠ᠂ ᠲᠤᠰ ᠬᠤᠭᠤᠴᠠᠭᠠᠨ ᠤ ᠰᠡᠴᠡᠨ ᠮᠡᠷᠭᠡᠨ ᠤᠳᠤᠷᠢᠳᠤᠯᠭ᠎ᠠ᠂ ᠡᠷᠳᠡᠮ ᠲᠡᠭᠦᠰ ᠪᠠᠭᠰᠢ᠂ ᠡᠷᠢᠯ | ᠬᠦᠰᠡᠯ ᠲᠠᠢ ᠰᠤᠷᠤᠭᠴᠢᠳ ᠲᠠᠢ ᠭᠤᠷᠪᠠᠨ ᠵᠢᠯ ᠬᠠᠮᠳᠤ ᠠᠵᠢᠯᠯᠠᠵᠦ ᠰᠤᠷᠤᠯᠴᠠᠭᠰᠠᠨ ᠳᠤ ᠪᠠᠷ ᠦᠪᠡᠷ ᠢ ᠪᠠᠨ | ᠦᠷᠭᠡᠨ ᠪᠤᠶᠠᠨ ᠲᠠᠢ ᠭᠡᠵᠦ ᠰᠡᠷᠡᠵᠦ ᠮᠡᠳᠡᠷᠡᠭᠰᠡᠨ ᠶᠤᠮ᠃ | ᠬᠦᠮᠦᠨ ᠤ ᠨᠢᠭᠡ ᠨᠠᠰᠤ ᠪᠤᠯ ᠰᠣᠷᠬᠤ ᠪᠠᠷ ᠢᠷᠡᠭᠡᠳ ᠰᠤᠷᠤᠭᠰᠠᠭᠠᠷ ᠪᠤᠴᠠᠳᠠᠭ ᠨᠢᠭᠡ ᠨᠠᠰᠤ ᠪᠦᠭᠡᠳ | ᠪᠠᠭᠰᠢᠯᠠᠵᠦ ᠢᠷᠡᠭᠡᠳ ᠪᠠᠭᠰᠢᠯᠠᠭᠠᠳ ᠶᠠᠪᠤᠳᠠᠭ ᠵᠠᠶᠠᠭ᠎ᠠ ᠲᠠᠢ ᠶᠤᠮ᠃ ᠲᠡᠷᠡ ᠵᠢᠮ᠎ᠡ ᠶᠤᠰᠤ ᠪᠠᠷ᠂ ᠪᠢ ᠲᠠᠨᠠᠷ ᠲᠤ ᠪᠠᠨ | ᠦᠯᠡᠮᠵᠢ ᠤᠯᠠᠨ ᠮᠡᠳᠡᠯᠭᠡ ᠶᠢ ᠡᠵᠡᠮᠰᠢᠭᠦᠯᠵᠦ᠂ ᠠᠪᠢᠶᠠᠰ ᠴᠢᠳᠠᠪᠤᠷᠢ ᠶᠢ ᠡᠵᠡᠮᠳᠡᠭᠦᠯᠵᠦ ᠴᠠᠳᠠᠭᠰᠠᠨ ᠤ ᠪᠠᠨ ᠬᠠᠷᠢᠭᠤ | ᠳᠤ᠂ ᠲᠠᠨᠠᠷ ᠠᠴᠠ ᠪᠠᠨ ᠪᠠᠰᠠ ᠡᠪᠦᠷ ᠲᠦᠭᠦᠷᠡᠩ ᠶᠠᠭᠤᠮ᠎ᠠ ᠰᠣᠷᠴᠦ ᠠᠪᠤᠭᠰᠠᠨ ᠳᠤ ᠪᠠᠨ ᠤᠯᠵᠠᠭᠤᠷᠬᠠᠵᠦ ᠶᠠᠪᠤᠳᠠᠭ | ᠠᠵᠢ᠃ | ᠲᠠᠨᠠᠷ᠂ ᠡᠷᠳᠡᠮ ᠮᠡᠳᠡᠯᠭᠡ ᠡᠵᠡᠮᠰᠢᠬᠦ ᠪᠠᠷ ᠦᠷᠯᠦᠭᠡ ᠦᠳᠡᠰᠢ ᠶᠢ ᠲᠡᠮᠡᠴᠡᠨ ᠰᠢᠷᠭᠠᠭᠤ ᠬᠠᠳᠠᠭᠤᠵᠢᠯᠳᠠᠢ | ᠴᠢᠷᠮᠠᠶᠢᠳᠠᠭ ᠵᠠᠩ ᠰᠤᠷᠳᠠᠯ ᠢᠶᠠᠷ ᠢᠶᠠᠨ ᠪᠠᠭᠰᠢ ᠳᠤ ᠪᠠᠨ ᠢᠳᠡᠭᠡᠯ ᠪᠢᠰᠢᠷᠡᠯ᠂ ᠡᠷᠡᠮᠡᠯᠵᠡᠯ ᠬᠦᠰᠡᠯ ᠢ ᠤᠯᠭᠤᠭᠰᠠᠨ | ᠶᠤᠮ᠃ | ᠲᠠᠨᠠᠷ᠂ ᠭᠠᠯ ᠵᠠᠯᠠᠭᠤ ᠨᠠᠰᠤᠨ ᠤ ᠭᠡᠨᠡᠨ ᠬᠤᠩᠭᠤᠷ ᠵᠠᠩ ᠢᠶᠠᠷ ᠢᠶᠠᠨ ᠬᠠᠶᠠ ᠨᠢᠭᠡ ᠠᠯᠳᠠᠭᠳᠠᠯ ᠭᠠᠷᠭᠠᠨ | ᠭᠡᠮᠰᠢᠨ ᠤᠬᠠᠭᠠᠷᠠᠳᠠᠭ ᠶᠠᠪᠤᠴᠠ ᠪᠠᠷ ᠢᠶᠠᠨ ︽ᠠ ᠳ᠋ᠠ᠂ ᠬᠡᠦᠬᠡᠳ ᠭᠡᠳᠡᠭ ᠴᠢᠨᠢ ᠢᠩᠬᠢᠵᠦ ᠪᠠᠶᠢᠵᠦ ᠯᠠ ᠬᠦᠮᠦᠨ | ᠪᠤᠯᠳᠠᠭ ᠶᠤᠮ ᠡ᠃ ᠬᠡᠦᠬᠡᠳ ᠲᠤ ᠬᠡᠵᠢᠶᠡᠳᠡ ᠪᠤᠷᠤᠭᠤ ᠦᠭᠡᠢ᠂ ᠬᠠᠷᠢᠨ ᠠᠯᠳᠠᠭᠳᠠᠯ ᠲᠤᠳᠠᠭᠳᠠᠯ ᠭᠠᠷᠴᠦ ᠪᠤᠯᠳᠠᠭ | ᠶᠤᠮ︾ ᠭᠡᠳᠡᠭ ᠢ ᠬᠦᠨᠵᠡᠭᠡᠢ ᠶᠤᠰᠤ ᠶᠢ ᠳ᠋ᠦᠩᠨᠡᠵᠦ ᠭᠠᠷᠭᠠᠬᠤ ᠳᠤ ᠬᠦᠷᠭᠡᠭᠰᠡᠨ ᠶᠤᠮ᠃ | ᠲᠠᠨᠠᠷ᠂ ᠠᠰᠠᠷ ᠤᠨ ᠬᠤᠳᠤᠮ ᠤᠨ ᠪᠤᠯᠤᠩ ᠴᠤᠯᠤᠩ ᠢᠶᠠᠷ ᠰᠡᠳᠬᠢᠯ ᠢᠶᠠᠨ ᠮᠡᠳᠡᠯᠴᠡᠭᠰᠡᠨ ᠲᠠᠢ ᠪᠠᠨ᠂ ᠭᠠᠷ | ᠢᠶᠠᠨ ᠬᠤᠯᠪᠤᠯᠴᠠᠨ᠂ ᠨᠢᠭᠤᠴᠠ ᠵᠤᠭᠤᠭ ᠢᠶᠠᠨ ᠰᠢᠪᠡᠨᠡᠯᠳᠦᠨ ᠶᠠᠪᠤᠬᠤ ᠶᠢ ᠴᠢᠨᠢ ᠬᠠᠷᠠᠭᠠᠳ ᠯᠠ ︽ᠠ ᠳ᠋ᠠ᠂ ᠤᠳᠤ | ᠶᠢᠨ ᠬᠡᠦᠬᠡᠳ ᠶᠠᠭᠠᠬᠢᠭᠰᠠᠨ ᠵᠢᠷᠭᠠᠯ ᠲᠠᠢ ᠪᠤᠢ︕ ᠠᠮᠢᠳᠤᠷᠠᠯ ᠢᠶᠠᠨ ᠢᠩᠬᠢᠵᠦ ᠯᠠ ᠡᠬᠢᠯᠡᠭᠦᠯᠳᠡᠭ ᠶᠤᠮ ᠪᠠᠶᠢᠨ᠎ᠠ︕ | ᠭᠡᠪᠡᠴᠦ ᠲᠠᠩᠴᠦ ᠡᠷᠳᠡᠳᠡᠵᠦ ᠪᠠᠶᠢᠨ᠎ᠠ ᠳ᠋ᠠ᠂ ᠡᠨᠡ ᠵᠠᠪ ᠲᠤ ᠪᠠᠨ ᠬᠠᠷᠢᠨ ᠰᠢᠷᠡᠭᠡᠨ ᠲᠡᠭᠡᠷᠡᠬᠢ ᠤᠪᠤᠭᠠᠯᠠᠭᠠᠰᠤᠳᠠᠢ | ᠨᠤᠮ ᠪᠤᠯᠤᠨ ᠰᠢᠷᠭᠤᠭᠤᠯ ᠲᠤᠳᠤᠷᠠᠬᠢ ᠪᠢᠷ ᠢᠶᠠᠨ ᠢᠯᠡᠭᠦᠬᠡᠨ ᠪᠠᠷᠢᠭᠰᠠᠨ ᠪᠤᠯ ᠳ᠋ᠠ︖︾ ᠭᠡᠵᠦ ᠬᠠᠷᠠᠮᠰᠠᠵᠦ | ᠶᠠᠪᠤᠳᠠᠭ ᠶᠤᠮ᠃ | ᠲᠠᠨᠠᠷ᠂ ᠠᠯᠳᠠᠨ ᠰᠠᠶᠢᠬᠠᠨ ᠪᠡᠶ᠎ᠡ ᠶᠢᠨ ᠢᠶᠠᠨ ᠠᠭᠤᠰᠬᠢ ᠵᠢᠷᠦᠬᠡ ᠪᠠᠨ ᠬᠠᠶᠢᠬᠤᠷᠤᠯ ᠦᠭᠡᠢ ᠪᠠᠶᠢᠵᠦ᠂ ᠨᠢᠭᠤᠵᠦ | ᠬᠠᠪᠴᠢᠨ ᠰᠤᠷᠤᠳᠠᠭ ᠲᠠᠮᠠᠬᠢᠨ ᠤ ᠪᠠᠨ ᠤᠳᠤᠭ᠎ᠠ ᠦᠨᠦᠷ ᠢᠶᠠᠷ ᠵᠤᠷᠯᠤᠩ ᠢ ᠠᠷᠢᠭᠤᠳᠬᠠᠵᠦ ᠦᠭᠳᠡᠭ ᠢ ᠴᠢᠨᠢ | ᠬᠠᠷᠠᠭᠠᠳ ᠯᠠ ︽ᠠ ᠳ᠋ᠠ᠂ ᠪᠤᠰᠤᠳ ᠤᠨ ᠲᠦᠯᠦᠭᠡ ᠪᠡᠶ᠎ᠡ ᠪᠠᠨ ᠵᠤᠷᠢᠭᠤᠯᠬᠤ ᠨᠢ ᠡᠶᠢᠮᠦ ᠡᠷᠬᠢᠮ ᠶᠤᠮ ᠪᠠᠶᠢᠨ᠎ᠠ︾ | ᠭᠡᠵᠦ ᠪᠢᠰᠢᠷᠡᠭᠰᠡᠨ ᠶᠤᠮ᠁ | ᠠᠳᠡ᠂ ᠲᠠ ᠪᠦᠬᠦᠨ ᠳᠤ ᠪᠠᠨ ᠴᠢᠩ ᠦᠨᠡᠨ ᠰᠡᠳᠬᠢᠯ ᠤᠨ ᠬᠦᠨᠳᠦᠳᠦ ᠲᠠᠷᠠᠯᠬᠠᠯ ᠢᠶᠠᠨ ᠲᠡᠪᠰᠢᠭᠦᠯᠵᠦ | ᠪᠠᠶᠢᠨ᠎ᠠ︕ | ᠵᠠ᠂ ᠪᠢᠳᠡᠨ ᠤ ᠲᠡᠭᠡᠳᠤ ᠲᠤᠮᠳᠠᠳᠤ ᠶᠢᠨ ᠬᠢᠴᠢᠶᠡᠯ ᠰᠣᠷᠣᠯᠭ᠎ᠠ ᠶᠢᠨ ᠠᠮᠢᠳᠤᠷᠠᠯ ᠤᠨ ᠠᠶᠠᠨ ᠮᠢᠨᠢ ᠠᠳᠡ | ᠬᠦᠷᠦᠭᠡᠳ ᠰᠠᠯᠠᠭ᠎ᠠ ᠵᠠᠮ ᠲᠡᠭᠡᠷ᠎ᠡ ᠲᠤᠯᠤᠭᠠᠳ ᠢᠷᠡᠯ᠎ᠡ᠃ ᠡᠨᠡ ᠬᠦ ᠤᠶᠠᠷᠠᠮ᠎ᠠ ᠬᠠᠶᠢᠯᠤᠮ᠎ᠠ ᠰᠡᠳᠬᠢᠯᠬᠡ ᠶᠢᠨ ᠠᠬᠤᠢ | ᠳᠤ ᠶᠡᠭᠡ ᠲᠤᠭᠳᠤᠯᠵᠦ ᠪᠠᠶᠢᠨᠠᠮ᠂ ᠬᠠᠶᠢᠷᠠᠳᠤ ᠰᠤᠷᠤᠭᠴᠢ ᠲᠠᠨᠤᠰ ᠠᠴᠠ ᠪᠠᠨ ᠰᠠᠯᠵᠦ ᠶᠠᠳᠠᠭᠰᠠᠨ ᠰᠡᠳᠬᠢᠯ ᠢᠶᠠᠨ | ᠢᠯᠡᠳᠬᠡᠵᠦ ᠤᠴᠠᠷᠠᠨ ᠵᠤᠯᠭᠠᠬᠤ ᠶᠢᠨ ᠢᠷᠦᠭᠡᠯ ᠲᠠᠯᠪᠢᠶ᠎ᠠ᠃ | ︽ᠡᠵᠡᠨ ᠬᠢᠴᠢᠶᠡᠪᠡᠯ ᠵᠠᠶᠠᠭ᠎ᠠ ᠬᠢᠴᠢᠶᠡᠳᠡᠭ︾᠂ ᠴᠢ ᠵᠦᠪ ᠪᠤᠯ ᠴᠢᠨᠤ ᠶᠢᠷᠳᠢᠨᠴᠦ ᠵᠦᠪ ᠶᠤᠮ︕ | ᠠᠯᠤᠰ ᠪᠤᠰᠤ ᠢᠷᠡᠭᠡᠳᠦᠢ ᠳᠤ᠂ ᠭᠠᠷ ᠤᠳᠠᠰᠤᠨ ᠤ ᠲᠡᠭᠡᠷ᠎ᠡ ᠠᠯᠤᠰ ᠠᠴᠠ ᠢᠷᠡᠭᠦᠯᠦᠭᠰᠡᠨ ᠬᠠᠯᠠᠭᠤᠬᠠᠨ | ᠮᠡᠨᠳᠦᠴᠢᠯᠡᠯ ᠢ ᠴᠢᠨᠢ ᠲᠤᠰᠴᠦ᠂ ᠠᠯᠠᠰᠬᠢᠨ ᠪᠠᠶᠠᠷᠯᠠᠬᠤ ᠶᠢᠨ ᠪᠤᠯᠵᠤᠭ᠎ᠠ ᠲᠤᠭᠳᠠᠯᠴᠠᠶᠠ︕ | ᠠᠯᠤᠰ ᠪᠤᠰᠤ ᠢᠷᠡᠭᠡᠳᠦᠢ ᠳᠤ᠂ ᠬᠦᠯ ᠦᠢᠮᠡᠭᠡᠨ ᠲᠠᠢ ᠶᠡᠭᠡ ᠶᠡᠭᠡ ᠬᠤᠳᠠ ᠬᠤᠳᠠᠨ ᠲᠤᠮᠳᠠ ᠬᠠᠯᠵᠠ | ᠬᠠᠷᠭᠤᠪᠠᠯ ︽ᠪᠠᠭᠰᠢ ᠮᠢᠨᠢ ᠰᠠᠶᠢᠨ ᠪᠠᠶᠢᠨ᠎ᠠ ᠤᠤ︖ ᠪᠢ ᠪᠤᠯ ᠬᠡᠨ ᠬᠡᠨ ᠭᠡᠳᠡᠭ ᠰᠤᠷᠤᠭᠴᠢ ᠴᠢᠨᠢ ᠮᠦᠨ ᠰᠢᠦ︾ | ᠭᠡᠵᠦ ᠮᠡᠨᠳᠦᠴᠢᠯᠡᠭᠡᠳ᠂ ᠪᠠᠭᠰᠢ ᠪᠠᠨ ᠮᠠᠩᠨᠠᠢ ᠬᠠᠭᠠᠷᠠᠳᠠᠯ᠎ᠠ ᠪᠠᠶᠠᠷᠯᠠᠭᠤᠯᠬᠤ ᠶᠢᠨ ᠢᠷᠦᠭᠡᠯ ᠲᠠᠯᠪᠢᠶ᠎ᠠ︕ | ᠠᠯᠤᠰ ᠪᠤᠰᠤ ᠢᠷᠡᠭᠡᠳᠦᠢ ᠳᠤ᠂ ᠶᠢᠰᠦᠨ ᠰᠠᠷ᠎ᠠ ᠶᠢᠨ ᠲᠠᠩᠰᠤᠭ ᠰᠠᠶᠢᠬᠠᠨ ᠤᠯᠠᠷᠢᠯ ᠳᠤ ᠪᠠᠨ ᠲᠠ ᠪᠦᠬᠦᠨ | ᠶᠡᠭᠡ ᠰᠤᠷᠭᠠᠭᠤᠯᠢ ᠶᠢᠨ ᠢᠶᠠᠨ ᠠᠯᠳᠠᠨ ᠪᠤᠱᠤᠭᠠᠨ ᠲᠡᠭᠡᠷ᠎ᠡ ᠤᠴᠠᠷᠠᠨ ᠵᠤᠯᠭᠠᠵᠠᠭᠠᠬᠤ ᠶᠢᠨ ᠢᠷᠦᠭᠡᠯ | ᠲᠠᠯᠪᠢᠶ᠎ᠠ︕ | ᠬᠤᠷᠤᠢ᠂ ᠬᠤᠷᠤᠢ᠂ ᠬᠤᠷᠤᠢ︕ | ᠬᠤᠷᠤᠢ᠂ ᠬᠤᠷᠤᠢ᠂ ᠬᠤᠷᠤᠢ︕ | ᠪᠠᠶᠠᠷᠯᠠᠯ᠎ᠠ︕ | 2018 ᠣᠨ ᠤ 5 ᠰᠠᠷ᠎ᠠ ᠶᠢᠨ 24 ᠡᠳᠦᠷ |