ᠡᠭᠡᠰᠢᠭ ᠳᠣᠯᠣᠭᠠᠨ ᠵᠦᠩᠨᠡᠯ
ᠨᠡᠶᠢᠲᠡᠯᠡᠭᠰᠡᠨ ᠴᠠᠭ᠄
2020/6/11
     ᠵᠤᠬᠢᠶᠠᠬᠴᠢ᠄  ᠦᠪᠤᠷ ᠮᠤᠩᠭᠤᠯ᠂ ᠬᠤᠷᠴᠢᠨ᠂ ᠡᠷᠳᠡᠮᠲᠦ            ᠠᠯᠳᠠᠨ ᠰᠠᠶᠢᠬᠠᠨ ᠪᠡᠶ᠎ᠡ ᠶᠢ ᠴᠢᠨᠢ        ᠠᠮᠣᠭᠤᠯᠠᠩ ᠪᠠᠶᠢᠬᠤ ᠶᠢ ᠵᠦᠩᠨᠡᠶ᠎ᠡ        ᠠᠵᠢᠯ ᠪᠣᠯᠣᠨ ᠦᠢᠯᠡᠰ ᠢ ᠴᠢᠨᠢ        ᠠᠮᠵᠢᠯᠳᠠ ᠲᠠᠢ ᠪᠠᠶᠢᠬᠤ ᠶᠢ ᠵᠦᠩᠨᠡᠶ᠎ᠡ                ᠡᠵᠢ ᠠᠪᠤ ᠠᠬᠠᠮᠠᠳ ᠢ ᠴᠢᠨᠢ        ᠡᠩᠬᠡ ᠮᠡᠨᠳᠦ ᠶᠢ ᠵᠦᠩᠨᠡᠶ᠎ᠡ        ᠡᠩᠭᠦᠷᠡᠢ ᠬᠠᠶᠢᠷᠠᠲᠠᠢ ᠬᠡᠦᠬᠡᠳ ᠢ ᠴᠢᠨᠢ        ᠡᠰᠡᠷᠡᠭ ᠪᠠᠶᠢᠬᠤ ᠶᠢ ᠵᠦᠩᠨᠡᠶ᠎ᠡ                ᠣᠩᠭᠤᠳ ᠪᠣᠯᠣᠨ ᠬᠡᠶᠢᠮᠣᠷᠢ ᠶᠢ ᠴᠢᠨᠢ        ᠣᠨᠴᠠ ᠰᠡᠷᠭᠦᠯᠡᠩ ᠢ ᠵᠦᠩᠨᠡᠶ᠎ᠡ        ᠣᠲᠣᠷ ᠪᠣᠯᠣᠨ ᠨᠡᠭᠦᠳᠡᠯ ᠢ ᠴᠢᠨᠢ        ᠣᠮᠤᠭ ᠰᠦᠷ ᠢ ᠨᠢ ᠵᠦᠩᠨᠡᠶ᠎ᠡ                ᠣᠳᠥᠮ ᠣᠭᠰᠠᠭ᠎ᠠ ᠣᠨᠠᠭᠠᠨ ᠨᠠᠶᠢᠵᠢ ᠶᠢ ᠴᠢᠨᠢ        ᠣᠴᠠᠷᠠᠯ ᠵᠢᠷᠭᠠᠯ ᠲᠠᠢ ᠶᠢ ᠵᠦᠩᠨᠡᠶ᠎ᠡ        ᠣᠷᠤᠭ ᠲᠦᠷᠦᠯ ᠬᠤᠯᠪᠣᠭ᠎ᠠ ᠲᠣᠭᠤᠷᠢᠭ ᠢ ᠴᠢᠨᠢ        ᠣᠷᠲᠣ ᠨᠦᠬᠦᠷᠯᠡᠯ ᠲᠠᠢ ᠶᠢ ᠵᠦᠩᠨᠡᠶ᠎ᠡ                ᠥᠨᠦᠳᠦᠷ ᠤᠨ ᠰᠠᠶᠢᠬᠠᠨ ᠠᠮᠢᠳᠣᠷᠠᠯ ᠢ ᠴᠢᠨᠢ        ᠥᠨᠢᠳᠡ ᠪᠠᠳᠠᠷᠠᠬᠤ ᠶᠢ ᠵᠦᠩᠨᠡᠶ᠎ᠡ        ᠥᠭᠭᠢᠶᠡᠮᠦᠷ ᠰᠠᠶᠢᠬᠠᠨ ᠰᠡᠳᠭᠢᠯ ᠢ ᠴᠢᠨᠢ        ᠥᠨᠢᠷ ᠰᠠᠷᠠᠭᠤᠯ ᠢ ᠵᠦᠩᠨᠡᠶ᠎ᠡ                ᠦᠢᠯᠡᠰ ᠤᠨ ᠰᠠᠶᠢᠬᠠᠨ ᠮᠦᠷ ᠢ ᠴᠢᠨᠢ        ᠦᠨᠡᠨᠬᠦ ᠭᠡᠷᠡᠯᠲᠦᠬᠦ ᠶᠢ ᠵᠦᠩᠨᠡᠶ᠎ᠡ        ᠦᠪᠡᠳᠡᠭᠰᠢ ᠨᠢᠭᠡᠨ ᠰᠢᠨ᠎ᠡ ᠵᠢᠯ ᠳᠤ ᠪᠠᠨ        ᠦᠷᠬᠦᠯᠵᠢ ᠲᠠᠶᠢᠪᠣᠩ ᠢ ᠵᠦᠩᠨᠡᠶ᠎ᠡ  
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号