ᠳᠡᠮᠡᠭᠡᠡ ᠤ ᠡᠭᠦᠰᠤᠯ ᠭᠠᠷᠤᠯ
ᠨᠡᠶᠢᠲᠡᠯᠡᠭᠰᠡᠨ ᠴᠠᠭ᠄
2020/6/17
     ᠲᠡᠮᠡᠭᠡ ᠪᠤᠯ ᠰᠡᠭᠡᠷᠳᠠᠨ ᠤ ᠠᠶᠢᠮᠠᠭ ᠤᠨ ᠬᠦᠬᠦᠳᠠᠨ ᠤ ᠠᠩᠬᠢ ᠳᠠᠬᠢ ᠠᠵᠠ ᠲᠤᠭᠤᠷᠠᠶᠢᠳᠠᠨ ᠤ ᠪᠠᠭ ᠤᠨ ᠲᠠᠪᠠᠭᠳᠠᠨ ᠤ ᠲᠡᠳ᠋ ᠪᠠᠭ ᠤᠨ ᠲᠡᠮᠡᠭᠡᠨ ᠤ ᠢᠵᠠᠭᠤᠷ ᠲᠤ ᠪᠠᠭᠳᠠᠳᠠᠭ᠃ ᠡᠷᠳᠠᠨ ᠤ ᠠᠮᠢᠳᠤ ᠪᠤᠳᠠᠰ ᠤᠨ ᠰᠤᠳᠤᠯᠤᠯ ᠬᠢᠭᠡᠳ ᠭᠠᠵᠠᠷ ᠰᠢᠨᠵᠢᠯᠡᠭᠡᠨ ᠤ ᠴᠢᠯᠠᠭᠤᠵᠢᠮᠠᠯ ᠤᠨ ᠰᠤᠳᠤᠯᠤᠯ ᠢ ᠦᠨᠳᠤᠰᠤᠯᠡᠭᠡᠳ ᠲᠡᠮᠡᠭᠡ ᠪᠤᠯ ᠤᠮᠠᠷᠠᠳᠤ ᠠᠮᠧᠷᠢᠺᠠ ᠲᠢᠪ ᠤᠨ ᠠᠩᠬᠠᠨ ᠤ ᠵᠦᠭᠡᠯᠡᠨ ᠲᠠᠪᠠᠭᠳᠠᠨ ᠠᠴᠠ ᠤᠯᠠᠷᠢᠨ ᠬᠤᠪᠢᠰᠴᠤ ᠢᠷᠡᠯ᠎ᠠ ᠭᠡᠵᠤ ᠡᠷᠳᠡᠮᠳᠠᠳ ᠦᠵᠡᠵᠤ ᠪᠤᠢ᠃ ᠠᠯᠢ ᠡᠷᠳᠠ ᠰᠢᠨ᠎ᠠ ᠠᠮᠢᠳᠤ ᠡᠷᠡᠨ ᠤ ᠰᠡᠬᠦᠯᠴᠢ ᠶᠢᠨ ᠦᠶ᠎ᠠ ︵3500 ~ 5000 ᠲᠦᠮᠡᠨ ᠵᠢᠯ ᠤᠨ ᠡᠮᠤᠨ᠎ᠠ︶ ᠪᠠᠷ ᠤᠮᠠᠷᠠᠳᠤ ᠠᠮᠧᠷᠢᠺᠠ ᠲᠢᠪ ᠲᠤ ᠲᠠᠥᠯᠠᠢ ᠶᠢᠨ ᠴᠢᠨᠡᠭᠡᠨ ᠪᠠᠶ᠎ᠠ ᠲᠠᠢ᠂ ᠲᠦᠴᠢᠨ ᠲᠦᠷᠪᠠᠨ ᠰᠢᠳᠤ ᠲᠠᠢ᠂ ᠬᠤᠶᠢᠳᠤ ᠮᠦᠴᠢ ᠨᠢ ᠨᠡᠯᠢᠶᠡᠳ ᠤᠷᠳᠤ᠂ ᠡᠮᠤᠨ᠎ᠠ ᠮᠦᠴᠢ ᠨᠢ ᠤᠬᠤᠷ ᠪᠦᠭᠡᠳ ᠲᠦᠷᠪᠠᠨ ᠬᠤᠷᠤᠭᠤ ᠲᠠᠢ ᠪᠤᠯᠪᠠᠴᠤ ᠬᠠᠵᠠᠭᠤ ᠲᠠᠯ᠎ᠠ ᠶᠢᠨ ᠬᠤᠶᠠᠷ ᠬᠤᠷᠤᠭᠤ ᠨᠢ ᠡᠯᠡᠭᠳᠡᠵᠤ ᠪᠠᠭᠠᠰᠤᠭᠰᠠᠨ᠂ ᠪᠡᠶ᠎ᠠ ᠶᠢᠨ ᠬᠡᠯᠪᠡᠷᠢ ᠨᠢ ᠪᠠᠯᠠᠷ ᠡᠷᠳᠠᠨ ᠤ ᠠᠳᠤᠭᠤᠰᠤᠨ ᠤ ᠲᠦᠷᠤᠯ ᠲᠠᠢ ᠲᠦᠰᠤᠭᠡᠳᠠᠢ ᠨᠢᠭᠡ ᠵᠦᠢᠯ ᠤᠨ ᠠᠩᠬᠠᠨ ᠤ ᠵᠦᠭᠡᠯᠡᠨ ᠲᠠᠪᠠᠭᠳᠤ ᠠᠮᠢᠳᠠᠨ ᠠᠮᠢᠳᠤᠷᠠᠵᠤ ᠪᠠᠶᠢᠵᠠᠢ᠃ ᠡᠨᠡ ᠠᠮᠢᠳᠠᠨ ᠨᠢ ᠤᠳᠤ ᠠᠴᠠ 3000 ᠲᠦᠮᠡᠨ ᠵᠢᠯ ᠤᠨ ᠡᠮᠤᠨᠡᠬᠢ ᠰᠢᠨ᠎ᠠ ᠠᠮᠢᠳᠤ ᠡᠷᠡᠨ ᠤ ᠦᠶ᠎ᠠ ᠳᠤ ᠠᠮᠢᠳᠤᠷᠠᠵᠤ ᠪᠠᠶᠢᠭᠰᠠᠨ ᠲᠠᠪᠠᠭᠳᠤ ᠠᠮᠢᠳᠠᠨ ᠠᠴᠠ ᠤᠯᠠᠷᠢᠨ ᠬᠤᠪᠢᠰᠴᠤ ᠢᠷᠡᠭᠰᠡᠨ ᠪᠠᠶᠢᠵᠠᠢ᠃ ᠤᠮᠠᠷᠠᠳᠤ ᠠᠮᠧᠷᠢᠺᠠ ᠲᠢᠪ ᠤᠨ ᠭᠠᠵᠠᠷ ᠤᠨ ᠪᠠᠶᠢᠴᠠ ᠲᠠᠯᠠᠢ ᠶᠢᠨ ᠲᠦᠪᠰᠢᠨ ᠠᠴᠠ ᠡᠷᠬᠦᠭᠳᠡᠬᠦ ᠶᠢ ᠲᠠᠭᠠᠯᠳᠤᠨ ᠪᠤᠳᠠᠯᠢᠭ ᠤᠴᠢ ᠨᠢ ᠴᠦᠬᠡᠷᠡᠵᠤ᠂ ᠡᠪᠡᠰᠤᠨ ᠤ ᠴᠢᠨᠠᠷ ᠨᠢ ᠮᠤᠳᠤᠯᠢᠭᠵᠢᠭᠰᠠᠨ ᠠᠴᠠ ︽ᠠᠩᠬᠠᠨ ᠤ ᠵᠦᠭᠡᠯᠡᠨ ᠲᠠᠪᠠᠭᠳᠤ ᠠᠮᠢᠳᠠᠨ︾ ᠤ ᠡᠮᠤᠨ᠎ᠠ ᠬᠦᠯ ᠤᠨ ᠬᠠᠵᠠᠭᠤ ᠲᠠᠯ᠎ᠠ ᠶᠢᠨ ᠬᠤᠶᠠᠷ ᠬᠤᠷᠤᠭᠤ ᠨᠢ ᠪᠦᠷᠢᠮᠤᠰᠤᠨ ᠡᠯᠡᠭᠳᠡᠨ ᠤᠨᠠᠵᠤ᠂ ᠠᠭᠠᠵᠢᠮ ᠢᠶᠠᠷ ᠬᠤᠨᠢ ᠲᠠᠢ ᠲᠦᠰᠤᠭᠡᠳᠠᠢ ᠪᠦᠭᠡᠳ ᠬᠤᠨᠢᠨ ᠠᠴᠠ ᠲᠤᠮᠤᠬᠠᠨ ᠪᠡᠶ᠎ᠠ ᠲᠠᠢ᠂ ᠲᠦᠴᠢᠨ ᠲᠦᠷᠪᠠᠨ ᠰᠢᠳᠤ ᠲᠠᠢ ︽ᠬᠤᠶᠠᠷ ᠬᠤᠷᠤᠭᠤᠳᠤ ᠠᠩᠬᠠᠨ ᠤ ᠲᠡᠮᠡᠭᠡ︾ ᠪᠤᠯᠤᠨ ᠬᠤᠪᠢᠷᠠᠵᠠᠢ᠃ ᠲᠡᠮᠡᠭᠡ ᠨᠢ ᠡ᠊ᠨᠠ ᠮᠡᠳᠤ ᠪᠠᠷ ᠭᠠᠯᠪᠠ ᠶᠢᠷᠳᠢᠨᠴᠤ ᠶᠢᠨ ᠬᠤᠪᠢᠷᠠᠯᠳᠠ ᠪᠠ ᠪᠠᠶᠢᠭᠠᠯᠢ ᠶᠢᠨ ᠤᠷᠴᠢᠨ ᠲᠤᠭᠤᠷᠢᠨ ᠤ ᠦᠭᠡᠷᠡᠴᠢᠯᠡᠭᠳᠡᠬᠦ ᠶᠢ ᠲᠠᠭᠠᠯᠳᠤᠨ ᠤᠯᠠᠷᠢᠨ ᠬᠤᠪᠢᠷᠠᠵᠤ᠂ ᠲᠤᠮᠳᠠ ᠰᠢᠨ᠎ᠠ ᠦᠶ᠎ᠠ ᠶᠢᠨ ᠰᠡᠬᠦᠯᠴᠢ ᠶᠢᠨ ᠦᠶ᠎ᠠ ᠪᠤᠯᠬᠤ ᠳᠤ ᠨᠢᠭᠡ ᠪᠦᠯᠥᠭ ︽ᠬᠤᠶᠠᠷ ᠬᠤᠷᠤᠭᠤᠳᠤ ᠠᠩᠬᠠᠨ ᠤ ᠲᠡᠮᠡᠭᠡ︾ ᠶᠢᠨ ᠪᠡᠶ᠎ᠠ ᠪᠢᠯᠳᠠᠷ ᠨᠢ ᠬᠦᠳᠡᠷᠯᠢᠭᠵᠢᠵᠤ ᠤᠳᠤ ᠶᠢᠨ ᠲᠡᠮᠡᠭᠡ ᠲᠠᠢ ᠨᠡᠯᠢᠶᠡᠳ ᠲᠦᠰᠤᠭᠡᠳᠠᠢ ᠪᠤᠯᠵᠠᠢ᠃ ᠡᠳᠡᠭᠡᠷ ᠲᠡᠮᠡᠭᠡ ᠨᠢ ᠠᠮᠧᠷᠢᠺᠠ ᠲᠢᠪ ᠪᠠ ᠠᠽᠢᠶ᠎ᠠ ᠲᠢᠪ ᠢ ᠬᠤᠯᠪᠤᠭᠰᠠᠨ ᠪᠧᠷᠢᠩ ᠬᠤᠭᠤᠯᠠᠢ ᠪᠠᠷ ᠲᠠᠮᠵᠢᠨ ᠠᠽᠢᠶ᠎ᠠ ᠲᠢᠪ ᠲᠤ ᠤᠷᠤᠵᠤ ᠵᠠᠷᠢᠮ ᠨᠢ ᠴᠢᠨᠠᠭᠰᠢᠳᠠ ᠠᠹᠷᠢᠺᠠ ᠲᠢᠪ ᠤᠨ ᠡᠬᠡ ᠭᠠᠵᠠᠷ ᠢᠶᠠᠷ ᠲᠠᠷᠬᠠᠵᠠᠢ᠃ ᠠᠽᠢᠶ᠎ᠠ ᠲᠢᠪ ᠲᠤ ᠨᠤᠳᠤᠭᠰᠢᠭᠰᠠᠨ ᠨᠢ ᠦᠨᠤᠳᠤᠷ ᠤᠨ ︽ᠬᠤᠤᠰ ᠪᠦᠬᠦᠳᠤ ᠲᠡᠮᠡᠭᠡ︾ ᠪᠤᠯᠵᠤ᠂ ᠠᠹᠷᠢᠺᠠ ᠲᠢᠪ ᠪᠠ ᠲᠤᠮᠳᠠᠳᠤ ᠲᠤᠷᠤᠨᠠᠳᠤ ᠤᠷᠤᠨ ᠢᠶᠠᠷ ᠨᠤᠳᠤᠭᠰᠢᠭᠰᠠᠨ ᠨᠢ ᠦᠨᠤᠳᠤᠷ ᠤᠨ ︽ᠭᠠᠭᠴᠠ ᠪᠦᠬᠦᠳᠤ ᠲᠡᠮᠡᠭᠡ︾ ᠪᠤᠯᠤᠨ ᠬᠤᠪᠢᠷᠠᠭᠠᠳ ᠡᠮᠤᠨᠡᠳᠤ ᠠᠮᠧᠷᠢᠺᠠ ᠲᠢᠪ ᠲᠤ ᠨᠤᠳᠤᠭᠰᠢᠭᠰᠠᠨ ᠨᠢ ᠠᠭᠠᠵᠢᠮ ᠢᠶᠠᠷ ︽ᠠᠩᠬᠠᠨ ᠴᠠᠭ ᠤᠨ ᠲᠡᠮᠡᠭᠡ︾᠂ ︽ᠮᠤᠷᠢᠨ ᠲᠡᠮᠡᠭᠡ︾ ︽ᠠᠮᠧᠷᠢᠺᠠ ᠲᠡᠮᠡᠭᠡ︾ ᠵᠢᠴᠢ ︽ᠬᠤᠨᠢᠨ ᠲᠡᠮᠡᠭᠡ︾ ᠮᠡᠳᠤ ᠶᠢᠨ ᠪᠦᠬᠦ ᠦᠭᠡᠢ ᠲᠠᠮᠡᠭᠡ ᠪᠤᠯᠵᠠᠢ᠃
 
ᠢᠷᠡᠯᠲᠡ᠄ ᠬᠢᠨᠭ᠍ᠭᠠᠠ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号