ᠵᠤᠬᠢᠶᠠᠬᠴᠢ᠄ ᠦᠪᠤᠷ ᠮᠤᠩᠭᠤᠯ᠂ ᠵᠢᠷᠢᠮ ᠠᠶᠢᠮᠠᠭ᠂ ᠤᠷᠢᠶᠠᠩᠬᠠᠢ ᠪᠤᠶᠠᠨᠲᠦ | | ᠠᠷᠠᠯᠲᠤ ᠬᠤᠭᠤᠷ ᠢᠶᠠᠨ ᠠᠳᠬᠤᠯ᠎ᠠ ᠪᠢ | ᠠᠶᠠᠯᠭᠤ ᠶᠢ ᠨᠢ ᠲᠠᠭᠠᠷᠠᠭᠤᠯᠵᠤ ᠬᠦᠭᠵᠢᠮᠳᠡᠶᠡ | ᠠᠰᠢᠲᠠ ᠶᠢᠨ ᠬᠠᠳᠠᠭ ᠢᠶᠠᠨ ᠬᠤᠯᠪᠣᠭᠠᠳ | ᠠᠷᠠᠳ ᠤᠯᠠᠨ ᠤ ᠰᠡᠳᠭᠢᠯ ᠢ ᠪᠠᠶᠠᠰᠬᠠᠶ᠎ᠠ | | ᠤᠲᠠᠰᠤᠲᠤ ᠬᠤᠭᠤᠷ ᠢᠶᠠᠨ ᠡᠪᠬᠡᠯᠡ ᠪᠢ | ᠡᠭᠡᠰᠢᠭ ᠢ ᠨᠢ ᠡᠭᠦᠰᠭᠡᠵᠦ ᠬᠦᠭᠯᠡᠬᠦᠯᠦᠶᠡ | ᠡᠭᠦᠷᠢᠲᠡ ᠶᠢᠨ ᠬᠠᠳᠠᠭ ᠢᠶᠠᠨ ᠰᠢᠯᠦᠭᠯᠡᠭᠡᠳ | ᠢᠷᠭᠡᠨᠲ᠋ᠦ᠋ᠮᠡᠨ ᠤ ᠤᠷᠮ᠎ᠠ ᠶᠢ ᠬᠦᠭᠵᠢᠭᠡᠶ᠎ᠡ | | ᠡ᠊ᠷᠲᠡ ᠳᠡᠭᠡᠳᠦ ᠶᠢᠨ ᠦᠶ᠎ᠡ ᠠᠴᠠ | ᠡᠷᠬᠢᠮᠯᠡᠵᠦ ᠢᠷᠡᠭᠰᠡᠨ ᠬᠠᠳᠠᠭ ᠶᠤᠮ | ᠡᠷᠬᠡ ᠮᠤᠩᠭᠤᠯ ᠬᠤᠶᠢᠴᠢᠰ ᠲᠤ ᠪᠠᠨ | ᠦᠨᠢᠲᠡ ᠰᠤᠷᠭᠠᠬᠤ ᠬᠢᠴᠢᠶᠠᠯ ᠶᠤᠮ | | ᠢᠵᠠᠭᠤᠷ ᠭᠠᠯᠪᠠ ᠶᠢᠨ ᠴᠠᠭ ᠠᠴᠠ | ᠠᠯᠢᠪᠠ ᠠᠴᠠ ᠨᠠᠨᠳᠢᠨ ᠬᠠᠳᠠᠭ ᠶᠤᠮ | ᠤᠳᠤᠮᠲᠤ ᠮᠤᠩᠭᠤᠯ ᠤᠨ ᠬᠡᠥᠬᠡᠳ ᠲᠤ ᠪᠠᠨ | ᠤᠯᠵᠠᠷᠬᠠᠵᠤ ᠬᠦᠮᠦᠵᠢᠭᠦᠯᠬᠦ ᠰᠤᠷᠭᠠᠯ ᠶᠤᠮ | | ᠡᠬᠡ ᠶᠢᠨ ᠰᠦ ᠶᠢᠨ ᠦᠩᠭᠡ ᠨᠢ ᠴᠠᠭᠠᠨ | ᠡᠷᠬᠢᠮ ᠠᠷᠠᠳ ᠤᠨ ᠰᠡᠳᠭᠢᠯ ᠨᠢ ᠴᠠᠭᠠᠨ | ᠡᠷᠡᠭᠦᠯ ᠮᠡᠨᠳᠦ ᠶᠢᠨ ᠵᠦᠩᠨᠡᠯ ᠨᠢ ᠴᠠᠭᠠᠨ | ᠡᠰᠡᠨᠢᠯ ᠬᠦᠭᠵᠢᠯ ᠤᠨ ᠰᠤᠪᠢᠩ ᠨᠢ ᠴᠠᠭᠠᠨ | | ᠠᠵᠢᠯ ᠦᠢᠯᠡᠰ ᠤᠨ ᠮᠦᠷ ᠨᠢ ᠴᠠᠭᠠᠨ | ᠠᠵᠤ ᠠᠮᠢᠳᠤᠷᠠᠯ ᠤᠨ ᠵᠠᠮ ᠨᠢ ᠴᠠᠭᠠᠨ | ᠠᠯᠢᠪᠠ ᠪᠦᠬᠦᠨ ᠤ ᠲᠡᠷᠭᠡᠯ ᠪᠠᠶᠢᠬᠤ ᠶᠢ | ᠴᠠᠭᠠᠨ ᠬᠠᠳᠠᠭ ᠢᠶᠠᠨ ᠪᠠᠷᠢᠨ ᠪᠡᠯᠭᠡᠳᠡᠳᠡᠭ ᠶᠤᠮ | | ᠮᠦᠩᠭᠡ ᠲᠡᠭᠷᠢ ᠶᠢᠨ ᠦᠩᠭᠡ ᠨᠢ ᠬᠦᠬᠡ | ᠮᠦᠷᠡᠨ ᠭᠤᠤᠯ ᠤᠨ ᠤᠷᠤᠰᠬᠠᠯ ᠨᠢ ᠬᠦᠬᠡ | ᠮᠤᠩᠭᠤᠯ ᠭᠡᠷ ᠤᠨ ᠤᠲᠤᠭ᠎ᠠ ᠨᠢ ᠬᠦᠬᠡ | ᠮᠠᠨᠳᠤᠯ ᠬᠦᠭᠵᠢᠯ ᠤᠨ ᠢᠲᠡᠭᠡᠯ ᠨᠢ ᠬᠦᠬᠡ | | ᠲᠤᠭᠤᠷᠠᠢ ᠶᠢᠨ ᠲᠠᠮᠠᠭ᠎ᠠ ᠲᠠᠢ ᠲᠡᠥᠭᠡ ᠨᠢ ᠬᠦᠬᠡ | ᠳᠠᠭᠤᠤᠷᠢᠯᠢᠭ ᠤᠨ ᠲᠤᠭ ᠲᠠᠢ ᠰᠤᠳᠤᠷ ᠨᠢ ᠬᠦᠬᠡ | ᠲᠦᠭᠦᠷᠡᠩ ᠪᠠᠶᠠᠷ ᠵᠢᠷᠭᠠᠯ ᠲᠠᠢ ᠪᠠᠶᠢᠬᠤ ᠶᠢ | ᠴᠡᠩᠭᠡᠷ ᠬᠠᠳᠠᠭ ᠢᠶᠠᠨ ᠲᠡᠪᠰᠢᠭᠦᠯᠦᠨ ᠵᠦᠩᠨᠡᠳᠡᠭ ᠶᠤᠮ | | ᠠᠩᠬᠢᠷ ᠤᠭᠤᠷᠠᠭ ᠤᠨ ᠦᠩᠭᠡ ᠨᠢ ᠰᠢᠷ᠎ᠠ | ᠠᠯᠲᠠᠨ ᠡᠳ᠋ᠯᠡᠯ ᠤᠨ ᠵᠢᠰᠤ ᠨᠢ ᠰᠢᠷ᠎ᠠ | ᠡᠷᠬᠡᠲᠦ ᠬᠠᠭᠠᠨ ᠤ ᠵᠠᠷᠯᠢᠭ ᠨᠢ ᠰᠢᠷ᠎ᠠ | ᠡᠯᠪᠡᠭ ᠬᠤᠷᠢᠶᠠᠭᠰᠠᠨ ᠨᠠᠮᠤᠷ ᠨᠢ ᠰᠢᠷ᠎ᠠ | | ᠱᠠᠰᠢᠨ ᠰᠤᠷᠲᠠᠬᠤᠨ ᠤ ᠢᠵᠠᠭᠤᠷ ᠦᠨᠳᠦᠰᠦ ᠶᠢ | ᠰᠢᠨᠡᠳ ᠤᠨ ᠰᠠᠷ᠎ᠠ ᠰᠢᠭ᠋ ᠳᠡᠯᠭᠡᠷᠡᠭᠦᠯᠵᠦ | ᠰᠠᠨᠠᠭ᠎ᠠ ᠰᠡᠳᠬᠢᠯ ᠤᠨ ᠠᠷᠢᠭᠤᠨ ᠪᠠᠶᠢᠬᠤ ᠶᠢ | ᠰᠢᠷ᠎ᠠ ᠬᠠᠳᠠᠭ ᠢᠶᠠᠨ ᠡᠷᠬᠦᠨ ᠰᠦᠰᠦᠭᠯᠡᠳᠡᠭ ᠶᠤᠮ | | ᠨᠠᠷᠠᠰᠤ ᠮᠠᠶᠢᠯᠠᠰᠤ ᠶᠢᠨ ᠦᠩᠭᠡ ᠨᠢ ᠨᠤᠭᠤᠭᠠᠨ | ᠨᠢᠯᠬ᠎ᠠ ᠬᠡᠥᠬᠡᠳ ᠤᠨ ᠬᠦᠰᠡᠯ ᠨᠢ ᠨᠤᠭᠤᠭᠠᠨ | ᠨᠠᠮᠤᠭ ᠲᠠᠯ᠎ᠠ ᠶᠢᠨ ᠪᠡᠯᠴᠢᠭᠡᠷ ᠨᠢ ᠨᠤᠭᠤᠭᠠᠨ | ᠨᠠᠷᠮᠠᠢ ᠦᠢᠯᠡᠰ ᠤᠨ ᠮᠠᠨᠳᠤᠯ ᠨᠢ ᠨᠤᠭᠤᠭᠠᠨ | | ᠲᠦᠯᠵᠢᠯ ᠬᠦᠭᠵᠢᠯ ᠤᠨ ᠵᠦᠩ ᠬᠤᠷᠤᠶᠢᠯᠠᠨ | ᠨᠤᠭᠤᠭᠠᠨ ᠬᠠᠳᠠᠭ ᠢᠶᠠᠨ ᠪᠠᠷᠢᠳᠠᠭ ᠶᠤᠮ | ᠲᠡᠯᠭᠡᠷᠡᠨ ᠠᠷᠪᠢᠵᠢᠬᠤ ᠶᠢᠨ ᠪᠡᠯᠭᠡᠳᠡᠯ ᠵᠦᠩᠨᠡᠵᠦ | ᠨᠤᠭᠤᠭᠠᠨ ᠬᠠᠳᠠᠭ ᠢᠶᠠᠨ ᠡᠷᠭᠦᠨ ᠨᠠᠮᠠᠨᠴᠢᠯᠠᠳᠠᠭ ᠶᠤᠮ | | | ᠲᠤᠯᠭ᠎ᠠ ᠶᠢᠨ ᠭᠠᠯ ᠤᠨ ᠦᠩᠭᠡ ᠨᠢ ᠤᠯᠠᠭᠠᠨ | ᠳᠤᠷᠠᠰᠤᠯ ᠮᠦᠷᠦᠭᠡᠳᠦᠯ ᠤᠨ ᠴᠤᠭ ᠨᠢ ᠤᠯᠠᠭᠠᠨ | ᠳᠡᠯᠡᠬᠡᠢ ᠶᠢ ᠬᠡᠶᠢᠭᠦᠯᠬᠦ ᠨᠠᠷᠠ ᠨᠢ ᠤᠯᠠᠭᠠᠨ | ᠳᠡᠯᠭᠡᠷ ᠮᠤᠩᠭᠤᠯ ᠤᠨ ᠠᠮᠢ ᠨᠢ ᠤᠯᠠᠭᠠᠨ | | ᠭᠠᠯ ᠭᠤᠯᠤᠮᠲᠠ ᠶᠢᠨ ᠪᠠᠳᠠᠷᠠᠯ ᠢ ᠪᠡᠯᠭᠡᠰᠢᠶᠡᠨ | ᠤᠯᠠᠭᠠᠨ ᠬᠠᠳᠠᠭ ᠢᠶᠠᠨ ᠳᠡᠭᠡᠳᠦᠯᠡᠳᠡᠭ ᠶᠤᠮ | ᠭᠠᠶᠢᠬᠠᠮᠰᠢᠭᠲᠤ ᠦᠢᠯᠡ ᠶᠢ ᠪᠦᠲᠦᠭᠡᠬᠦ ᠶᠢ ᠰᠠᠨᠠᠨ | ᠤᠯᠠᠭᠠᠨ ᠬᠠᠳᠠᠭ ᠢᠶᠠᠨ ᠪᠠᠷᠢᠨ ᠬᠦᠰᠡᠳᠡᠭ ᠶᠤᠮ | | ᠲᠠᠪᠤᠨ ᠬᠤᠰᠢᠭᠤ ᠮᠠᠯ ᠮᠢᠨᠢ ᠪᠤᠯ | ᠲᠠᠯ᠎ᠠ ᠶᠢᠨ ᠮᠤᠩᠭᠤᠯᠴᠤᠳ ᠤᠨ ᠪᠤᠳᠠᠰ ᠤᠨ ᠬᠦᠷᠦᠩᠭᠡ | ᠲᠠᠪᠤᠨ ᠦᠩᠭᠡ ᠶᠢᠨ ᠬᠠᠳᠠᠭ ᠮᠢᠨᠢ ᠪᠤᠯ | ᠲᠡᠭᠡᠳᠦᠯᠡᠨ ᠤᠯᠠᠮᠵᠢᠯᠠᠬᠤ ᠰᠤᠶᠤᠯ ᠤᠨ ᠦᠪ | | ᠲᠠᠪᠣᠨ ᠮᠦᠰᠦᠨ ᠤ ᠰᠤᠷᠭᠠᠯ ᠢᠶᠠᠷ | ᠲᠠᠶᠢᠪᠤᠩ ᠤᠬᠠᠭᠠᠨ ᠢᠶᠠᠨ ᠪᠢᠳᠡ ᠰᠤᠶᠢᠵᠠᠢ | ᠲᠠᠪᠤᠨ ᠦᠩᠭᠡ ᠶᠢᠨ ᠬᠠᠳᠠᠭ ᠢᠶᠠᠷ | ᠳᠡᠭᠡᠳᠦᠰ ᠤᠨ ᠪᠢᠯᠢᠭ ᠢ ᠪᠢᠳᠡ ᠮᠢᠯᠢᠶᠠᠶ᠎ᠠ | 2016.6.11 |